1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠠᠨ ᠭᠤᠷᠪᠠ
 ᠬᠠᠭᠤᠷᠠᠢ ᠭᠠᠵᠠᠷ ᠳᠠᠬᠢ ᠲᠡᠮᠡᠦᠯᠦᠯ
 ᠳ᠋ᠠᠸᠢᠳ᠋ ᠤᠨ ᠳᠠᠭᠤᠯᠠᠯ᠂ ᠲᠡᠷᠡ ᠶᠦᠳᠠ ᠶᠢᠨ ᠴᠥᠯ ᠳᠤ ᠪᠠᠢᠬᠤ ᠦᠶ᠎ᠡ ᠳᠦ᠃

1 ᠪᠤᠷᠬᠠᠨ᠂ ᠲᠠ ᠪᠣᠯ ᠮᠢᠨᠦ ᠪᠤᠷᠬᠠᠨ ᠲᠠᠨ ᠢ ᠪᠢ ᠬᠠᠢᠵᠤ ᠪᠠᠢᠨ᠎ᠠ᠂ ᠤᠰᠤ ᠦᠭᠡᠢ᠂ ᠬᠠᠭᠤᠷᠠᠢ᠂ ᠠᠩ᠋ᠭᠠᠮᠠᠯ ᠭᠠᠵᠠᠷ ᠲᠤ ᠰᠡᠳᠬᠢᠯ ᠮᠢᠨᠢ ᠲᠠᠨ ᠢᠶᠠᠷ ᠴᠠᠩ᠋ᠭᠠᠵᠤ᠂ ᠪᠡᠶ᠎ᠡ ᠮᠢᠨᠢ ᠲᠠᠨ ᠤᠷᠤᠭᠤ ᠲᠡᠮᠡᠦᠯᠪᠡ᠂
2 ᠲᠡᠭᠡᠭᠡᠳ ᠪᠢ ᠠᠷᠢᠭᠤᠨ ᠭᠠᠵᠠᠷ ᠲᠤ ᠲᠠᠨ ᠢ ᠦᠵᠡᠪᠡ ᠲᠠᠨ ᠤ ᠬᠦᠴᠦ᠂ ᠲᠠᠨ ᠤ ᠠᠯᠳᠠᠷ ᠢ ᠬᠠᠷᠠᠪᠠ᠃

3 ᠦᠨᠡᠨ ᠳᠡᠭᠡᠨ ᠦᠨᠡᠨ ᠬᠠᠢᠷ᠎ᠠ ᠲᠠᠨᠢ ᠠᠮᠢ ᠡᠴᠡ ᠰᠠᠢᠨ ᠣᠷᠣᠭᠤᠯ ᠮᠢᠨᠢ ᠲᠠᠨ ᠢ ᠮᠠᠭᠲᠠᠨ᠎ᠠ᠃
4 ᠪᠢ ᠠᠮᠢᠳᠤ ᠳᠠᠭᠠᠨ ᠲᠠᠨ ᠢ ᠮᠠᠭᠲᠠᠨ᠎ᠠ ᠲᠠᠨ ᠤ ᠨᠡᠷ᠎ᠡ ᠡᠴᠡ ᠪᠣᠯᠵᠤ ᠭᠠᠷ ᠢᠶᠠᠨ ᠡᠷᠭᠦᠨ᠎ᠡ᠃
5 ᠴᠢᠮᠥᠭᠡ᠂ ᠥᠭᠡᠬᠦ ᠢᠳᠡᠭᠰᠡᠨ ᠰᠢᠭ ᠰᠡᠳᠬᠢᠯ ᠮᠢᠨᠢ ᠬᠠᠨᠤᠵᠤ ᠠᠮᠠ ᠮᠢᠨᠢ ᠪᠠᠶᠠᠷᠯᠠᠭᠰᠠᠨ ᠣᠷᠣᠭᠤᠯ ᠢᠶᠠᠷ ᠲᠠᠨ ᠢ ᠮᠠᠭᠲᠠᠨ᠎ᠠ᠃

6 ᠪᠢ ᠣᠷᠣ ᠳᠡᠭᠡᠷ᠎ᠡ ᠪᠡᠨ ᠲᠠᠨ ᠢ ᠳᠤᠷᠠᠰᠬᠤ ᠳᠤ ᠰᠥᠨᠢ ᠳᠤᠮᠳᠠ ᠲᠠᠨ ᠢ ᠪᠣᠳᠣᠬᠤ ᠳᠤ
7 ᠲᠠ ᠮᠢᠨᠦ ᠲᠤᠰᠠᠯᠠᠮᠵᠢ ᠪᠠᠢᠪᠠ᠂ ᠪᠢ ᠲᠠᠨ ᠤ ᠵᠢᠭᠦᠷ ᠦᠨ ᠳᠣᠣᠷ᠎ᠠ ᠪᠠᠶᠠᠷᠯᠠᠨ ᠳᠠᠭᠤᠯᠠᠨ᠎ᠠ᠃
8 ᠪᠢ ᠲᠠᠨ ᠠᠴᠠ ᠵᠢᠭᠤᠷᠠᠬᠤ ᠳᠤ ᠲᠠ ᠪᠠᠷᠠᠭᠤᠨ ᠮᠤᠲᠤᠷ ᠢᠶᠠᠷ ᠢᠶᠠᠨ ᠨᠠᠮᠠᠶᠢ ᠲᠦᠰᠢᠳᠡᠭ᠃

9 ᠨᠠᠮᠠᠶᠢ ᠤᠰᠠᠳᠬᠠᠬᠤ ᠪᠠᠷ ᠬᠠᠢᠭᠴᠢᠳ ᠭᠠᠵᠠᠷ ᠤᠨ ᠭᠦᠨ ᠤᠷᠤᠭᠤ ᠣᠷᠣᠬᠤ ᠪᠣᠯᠣᠨ᠎ᠠ᠃
10 ᠲᠡᠳᠡ ᠢᠯᠳᠦᠨ ᠳᠦ ᠲᠤᠰᠢᠶᠠᠭᠳᠠᠵᠤ ᠴᠢᠨᠣ᠎ᠠ ᠨᠤᠭᠤᠳ ᠤᠨ ᠬᠤᠪᠢ ᠪᠣᠯᠣᠨ᠎ᠠ᠃
11 ᠬᠠᠷᠢᠨ ᠬᠠᠭᠠᠨ ᠪᠡᠷ ᠪᠤᠷᠬᠠᠨ ᠤ ᠳᠣᠲᠣᠷ᠎ᠠ ᠪᠠᠶᠠᠰᠤᠨ᠎ᠠ ᠬᠤᠳᠠᠯ ᠶᠠᠷᠢᠭᠴᠢᠳ ᠤᠨ ᠠᠮᠠ ᠲᠠᠭᠯᠠᠭᠳᠠᠬᠤ ᠳᠤ ᠪᠤᠷᠬᠠᠨ ᠤ ᠨᠡᠷ᠎ᠡ ᠪᠡᠷ ᠲᠠᠩ᠋ᠭᠠᠷᠢᠭᠯᠠᠭᠴᠢᠳ ᠪᠦᠭᠦᠳᠡᠭᠡᠷ ᠮᠠᠭᠲᠠᠨ᠎ᠠ᠃