ᠳᠠᠭᠤᠯᠠᠯ ᠵᠠᠭᠤ ᠨᠢᠭᠡ
ᠲᠡᠭᠦᠰ ᠠᠮᠢᠳᠤᠷᠠᠯ ᠤᠨ ᠵᠣᠷᠢᠯᠭ᠎ᠠ
ᠳ᠋ᠠᠸᠢᠳ᠋ ᠤᠨ ᠳᠠᠭᠤᠯᠠᠯ᠃
1 ᠬᠠᠢᠷ᠎ᠠ ᠡᠨᠡᠷᠢᠯ ᠪᠠ ᠰᠢᠳᠤᠷᠭᠤ ᠶᠢᠨ ᠲᠤᠬᠠᠢ ᠪᠢ ᠳᠠᠭᠤᠯᠠᠨ᠎ᠠ ᠶᠣᠬᠣᠸᠠ ᠲᠠᠨ ᠳᠤ ᠪᠢ ᠮᠠᠭᠲᠠᠭᠠᠯ ᠡᠷᠭᠦᠨ᠎ᠡ᠂
2 ᠪᠢ ᠲᠡᠭᠦᠰ ᠵᠠᠮ ᠳᠤ ᠠᠩ᠋ᠬᠠᠷᠤᠯ ᠲᠠᠯᠪᠢᠨ᠎ᠠ ᠲᠠ ᠨᠠᠳᠠ ᠤᠷᠤᠭᠤ ᠬᠡᠵᠢᠶ᠎ᠡ ᠢᠷᠡᠬᠦ ᠪᠤᠢ︖ ᠪᠢ ᠭᠡᠷ ᠦᠨ ᠬᠢᠨ ᠤ ᠪᠠᠨ ᠳᠤᠮᠳᠠ ᠲᠡᠭᠦᠰ ᠵᠢᠷᠦᠬᠡ ᠪᠡᠷ ᠠᠯᠬᠤᠨ᠎ᠠ᠃
3 ᠪᠢ ᠨᠢᠳᠦᠨ ᠦ ᠪᠠᠨ ᠡᠮᠦᠨ᠎ᠡ ᠪᠤᠵᠠᠷ ᠢ ᠪᠠᠢᠯᠭᠠᠬᠤ ᠦᠭᠡᠢ ᠪᠢ ᠲᠡᠷᠰᠯᠡᠭᠦᠦ ᠦᠢᠯᠡᠰ ᠢ ᠵᠢᠭ᠍ᠰᠢᠨ᠎ᠡ᠂ ᠲᠡᠳᠡᠭᠡᠷ ᠨᠢ ᠨᠠᠳᠠ ᠳᠤ ᠨᠠᠭᠠᠯᠳᠤᠬᠤ ᠦᠭᠡᠢ᠃
4 ᠭᠠᠵᠢᠭᠤ ᠰᠠᠨᠠᠭ᠎ᠠ ᠨᠠᠳᠠ ᠠᠴᠠ ᠬᠣᠯᠠ ᠪᠠᠢᠭ ᠬᠣᠷᠣᠨ ᠮᠠᠭᠤ ᠶᠢ ᠪᠢ ᠮᠡᠳᠡᠬᠦ ᠦᠭᠡᠢ ᠪᠣᠯᠣᠨ᠎ᠠ᠃
5 ᠬᠥᠷᠰᠢ ᠪᠠᠨ ᠳᠠᠯᠳᠠᠭᠤᠷ ᠮᠠᠭᠤᠯᠠᠭᠴᠢᠳ ᠢ ᠪᠢ ᠤᠰᠠᠳᠬᠠᠨ᠎ᠠ ᠳᠡᠭᠡᠷᠡᠩᠭᠦᠢ ᠬᠠᠷᠠᠴᠠ᠂ ᠪᠠᠷᠳᠠᠮ ᠰᠡᠳᠬᠢᠯ ᠳᠤ ᠪᠢ ᠲᠡᠪᠴᠢᠶᠡᠷᠢ ᠲᠠᠢ ᠬᠠᠨᠳᠤᠬᠤ ᠦᠭᠡᠢ᠃
6 ᠨᠢᠳᠦ ᠮᠢᠨᠢ ᠭᠠᠵᠠᠷ ᠳᠠᠬᠢ ᠢᠲᠡᠭᠡᠮᠵᠢᠲᠦ ᠬᠥᠮᠦᠰ ᠦᠨ ᠳᠡᠭᠡᠷ᠎ᠡ ᠪᠠᠢᠨ᠎ᠠ ᠪᠢ ᠲᠡᠳᠡᠨ ᠢ ᠥᠪᠡᠷ ᠲᠡᠢ ᠪᠡᠨ ᠬᠠᠮᠲᠤ ᠰᠠᠭᠤᠯᠭᠠᠨ᠎ᠠ ᠲᠡᠭᠦᠰ ᠵᠠᠮ ᠢᠶᠠᠷ ᠶᠠᠪᠤᠭᠴᠢ ᠯᠠ ᠨᠠᠳᠠ ᠳᠤ ᠵᠠᠷᠤᠭᠳᠠᠨᠠ᠂
7 ᠬᠠᠭᠤᠷᠤᠨ ᠦᠢᠯᠡᠳᠦᠭᠴᠢ ᠮᠢᠨᠦ ᠭᠡᠷ ᠲᠦ ᠰᠠᠭᠤᠬᠤ ᠦᠭᠡᠢ ᠬᠤᠳᠠᠯ ᠶᠠᠷᠢᠭᠴᠢ ᠮᠢᠨᠦ ᠨᠢᠳᠦᠨ ᠦ ᠡᠮᠦᠨ᠎ᠡ ᠦᠯᠡᠳᠡᠬᠦ ᠦᠭᠡᠢ᠃
8 ᠭᠠᠵᠠᠷ ᠤᠨ ᠪᠤᠷᠤᠭᠤᠲᠠᠨ ᠪᠣᠯᠭᠠᠨ ᠢ ᠪᠢ ᠥᠷᠯᠥᠭᠡ ᠪᠦᠷᠢ ᠤᠰᠠᠳᠬᠠᠨ᠎ᠠ᠂ ᠨᠢᠭᠦᠯ ᠦᠢᠯᠡᠳᠦᠭᠴᠢ ᠪᠦᠬᠦᠨ ᠢ ᠪᠢ ᠶᠣᠬᠣᠸᠠ ᠶᠢᠨ ᠬᠣᠲᠠ ᠠᠴᠠ ᠲᠠᠰᠤᠯᠤᠨ᠎ᠠ᠃