ᠳᠠᠭᠤᠯᠠᠯ ᠲᠠᠪᠤ
ᠬᠥᠲᠥᠯᠥᠨ ᠬᠠᠮᠠᠭᠠᠯᠠᠭᠴᠢ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠯᠢᠩᠪᠦ ᠶᠢᠨ ᠬᠠᠮᠲᠤ᠃
1 ᠶᠠᠷᠢᠬᠤ ᠳᠤ ᠮᠢᠨᠢ ᠲᠠ ᠴᠢᠬᠢ ᠲᠠᠯᠪᠢᠭᠠᠴᠢ᠂ ᠶᠣᠬᠣᠸᠠ᠂ ᠰᠡᠭᠦᠷᠡᠰᠦᠯᠡᠬᠦ ᠳᠦ ᠮᠢᠨᠢ ᠰᠠᠨᠠᠭ᠎ᠠ ᠲᠠᠯᠪᠢᠭᠠᠴᠢ᠃
2 ᠬᠠᠰᠬᠢᠷᠬᠤ ᠳᠠᠭᠤ ᠶᠢ ᠮᠢᠨᠢ ᠲᠠ ᠰᠣᠨᠣᠷᠳᠠᠭᠠᠴᠢ ᠬᠠᠭᠠᠨ ᠮᠢᠨᠢ᠂ ᠪᠤᠷᠬᠠᠨ ᠮᠢᠨᠢ ᠲᠠᠨ ᠳᠠᠭᠠᠨ ᠪᠢ ᠳᠠᠭᠠᠳᠬᠠᠨᠠᠮ᠃
3 ᠥᠷᠯᠥᠭᠡᠭᠦᠷ ᠶᠣᠬᠣᠸᠠ ᠲᠠ ᠳᠠᠭᠤ ᠶᠢ ᠮᠢᠨᠢ ᠰᠣᠨᠣᠰᠣᠨ᠎ᠠ᠂ ᠥᠷᠯᠥᠭᠡ ᠪᠢ ᠲᠠᠨ ᠤ ᠡᠮᠦᠨ᠎ᠡ ᠬᠦᠰᠡᠯᠲᠡ ᠪᠡᠨ ᠲᠠᠯᠪᠢᠵᠤ ᠬᠦᠯᠢᠶᠡᠨ᠎ᠡ᠃
4 ᠤᠴᠢᠷ ᠨᠢ ᠲᠠ ᠪᠤᠷᠤᠭᠤ ᠶᠢ ᠲᠠᠭᠠᠰᠢᠶᠠᠳᠠᠭ ᠪᠤᠷᠬᠠᠨ ᠪᠢᠰᠢ ᠡ ᠬᠣᠷᠣᠨ ᠮᠠᠭᠤ ᠨᠢ ᠲᠠᠨ ᠲᠠᠢ ᠬᠠᠮᠲᠤ ᠣᠷᠣᠰᠢᠵᠤ ᠴᠢᠳᠠᠬᠤ ᠦᠭᠡᠢ᠃
5 ᠪᠠᠷᠳᠠᠮᠨᠠᠭᠴᠢᠳ ᠨᠢ ᠲᠠᠨ ᠤ ᠮᠡᠯᠮᠡᠢ ᠶᠢᠨ ᠡᠮᠦᠨ᠎ᠡ ᠵᠣᠭᠰᠣᠵᠤ ᠦᠯᠦ ᠴᠢᠳᠠᠨ᠎ᠠ ᠪᠤᠷᠤᠭᠤ ᠶᠢ ᠦᠢᠯᠡᠳᠦᠭᠴᠢ ᠪᠦᠭᠦᠳᠡ ᠶᠢ ᠲᠠ ᠦᠵᠡᠨ ᠶᠠᠳᠠᠳᠠᠭ᠃
6 ᠬᠤᠳᠠᠯ ᠶᠠᠷᠢᠭᠴᠢᠳ ᠢ ᠲᠠ ᠤᠰᠠᠳᠬᠠᠨ᠎ᠠ ᠴᠢᠰᠤ ᠤᠷᠤᠰᠬᠠᠭᠴᠢ᠂ ᠵᠠᠯᠢᠲᠤ ᠬᠥᠮᠦᠨ ᠢ ᠶᠣᠬᠣᠸᠠ ᠵᠢᠭ᠍ᠰᠢᠳᠡᠭ᠃
7 ᠬᠠᠷᠢᠨ ᠪᠢ ᠲᠠᠨ ᠤ ᠦᠯᠡᠮᠵᠢ ᠡᠨᠡᠷᠢᠯ ᠢᠶᠠᠷ ᠲᠠᠨ ᠤ ᠣᠷᠳᠣᠨ ᠳᠤ ᠣᠷᠣᠵᠤ ᠡᠮᠢᠶᠡᠯ ᠲᠡᠢ ᠪᠠᠷ ᠲᠠᠨ ᠤ ᠠᠷᠢᠭᠤᠨ ᠥᠷᠭᠥᠭᠡᠨ ᠳᠦ ᠪᠥᠬᠥᠢᠨ᠎ᠡ᠃
8 ᠶᠣᠬᠣᠸᠠ᠂ ᠳᠠᠢᠰᠤᠨ ᠨᠤᠭᠤᠳ ᠤᠨ ᠮᠢᠨᠢ ᠤᠯᠠᠮ ᠠᠴᠠ ᠵᠥᠪ ᠰᠢᠳᠤᠷᠭᠤ ᠪᠠᠷ ᠢᠶᠠᠨ ᠨᠠᠮᠠᠶᠢ ᠬᠥᠲᠥᠯᠥᠭᠡᠴᠢ ᠵᠠᠮ ᠢᠶᠠᠨ ᠮᠢᠨᠦ ᠡᠮᠦᠨ᠎ᠡ ᠰᠢᠯᠤᠭᠤᠳᠬᠠᠭᠠᠴᠢ᠃
9 ᠲᠡᠳᠡᠨ ᠦ ᠠᠮᠠ ᠦᠨᠡᠨᠴᠢ ᠪᠢᠰᠢ᠂ ᠵᠢᠷᠦᠬᠡ ᠨᠢ ᠬᠣᠣᠷ ᠲᠠᠢ ᠬᠣᠭᠣᠯᠠᠢ ᠨᠢ ᠣᠩ᠋ᠭᠣᠷᠬᠠᠢ ᠪᠤᠯᠠᠰᠢ ᠬᠡᠯᠡᠨ ᠳᠦᠨᠢ ᠣᠪ ᠮᠡᠬᠡ ᠪᠤᠢ᠃
10 ᠲᠡᠳᠡᠨ ᠦ ᠭᠡᠮ ᠲᠡᠢ ᠶᠢ ᠲᠤᠩ᠋ᠬᠠᠭᠯᠠᠭᠠᠴᠢ᠂ ᠪᠤᠷᠬᠠᠨ ᠮᠢᠨᠢ︕ ᠲᠡᠳᠡ ᠥᠪᠡᠷᠰᠡᠳ ᠦᠨ ᠢᠶᠠᠨ ᠮᠡᠬᠡᠨ ᠳᠦ ᠤᠨᠠᠭ᠂ ᠦᠯᠡᠮᠵᠢ ᠨᠢᠭᠦᠯ ᠦᠨ ᠢᠶᠠᠨ ᠤᠯᠠᠮ ᠢᠶᠠᠷ ᠲᠠᠨ ᠠᠴᠠ ᠤᠷᠪᠠᠭᠰᠠᠨ ᠲᠡᠳᠡᠨ ᠢ ᠵᠠᠢᠯᠠᠭᠤᠯᠤᠭᠠᠴᠢ᠃
11 ᠬᠠᠷᠢᠨ ᠲᠠᠨ ᠳᠤ ᠬᠣᠷᠭᠣᠳᠠᠭᠴᠢ ᠪᠦᠭᠦᠳᠡ ᠪᠠᠶᠠᠷᠯᠠᠨ᠎ᠠ ᠦᠷᠭᠦᠯᠵᠢ ᠪᠠᠶᠠᠰᠤᠨ ᠳᠠᠭᠤᠯᠠᠨ᠎ᠠ ᠲᠠ ᠲᠡᠳᠡᠨ ᠦ ᠳᠡᠭᠡᠭᠦᠷ ᠪᠦᠷᠬᠦᠳᠡᠭ ᠶᠤᠮ ᠲᠠᠨ ᠤ ᠨᠡᠷ᠎ᠡ ᠶᠢ ᠬᠠᠢᠷᠠᠯᠠᠭᠴᠢᠳ ᠲᠠᠨ ᠤ ᠳᠣᠲᠣᠷ᠎ᠠ ᠵᠢᠷᠭᠠᠳᠠᠭ᠂
12 ᠤᠴᠢᠷ ᠨᠢ ᠲᠠ ᠵᠥᠪᠲᠡᠨ ᠢ ᠢᠪᠡᠭᠡᠳᠡᠭ᠂ ᠶᠣᠬᠣᠸᠠ ᠡ᠂ ᠲᠠ ᠲᠠᠭᠠᠯᠠᠯ ᠢᠶᠠᠷ ᠢᠶᠠᠨ ᠲᠡᠭᠦᠨ ᠢ ᠪᠠᠮᠪᠠᠢ ᠰᠢᠭ᠋ ᠬᠦᠷᠢᠶᠡᠯᠡᠨ᠎ᠡ᠃