ᠳᠠᠭᠤᠯᠠᠯ ᠵᠠᠭᠤ ᠬᠣᠷᠢᠨ ᠳᠣᠯᠣᠭ᠎ᠠ
ᠪᠦᠬᠦ ᠢᠪᠡᠭᠡᠯ ᠪᠤᠷᠬᠠᠨ ᠠᠴᠠ
ᠰᠣᠯᠣᠮᠣᠨ ᠤ ᠥᠭᠰᠥᠬᠦ ᠳᠠᠭᠤᠤ᠃
1 ᠶᠣᠬᠣᠸᠠ ᠭᠡᠷ ᠢ ᠪᠠᠷᠢᠬᠤ ᠠᠴᠠ ᠨᠠᠰᠢ ᠲᠡᠭᠦᠨ ᠢ ᠪᠠᠷᠢᠭᠴᠢᠳ ᠤᠨ ᠬᠥᠳᠡᠯᠮᠦᠷᠢ ᠲᠠᠯᠠᠭᠠᠷ᠂ ᠶᠣᠬᠣᠸᠠ ᠬᠣᠲᠠ ᠶᠢ ᠮᠠᠨᠠᠬᠤ ᠠᠴᠠ ᠨᠠᠰᠢ ᠮᠠᠨᠠᠭᠠᠴᠢ ᠬᠥᠮᠦᠨ ᠰᠡᠷᠡᠭᠦᠨ ᠪᠠᠢᠳᠠᠭ ᠨᠢ ᠲᠠᠯᠠᠭᠠᠷ᠂
2 ᠲᠠ ᠨᠠᠷ ᠤᠨ ᠡᠷᠲᠡ ᠪᠣᠰᠣᠨ ᠣᠷᠣᠢ ᠬᠡᠪᠲᠡᠬᠦ ᠵᠦᠳᠡᠷᠡᠵᠦ ᠣᠯᠣᠭᠰᠠᠨ ᠬᠣᠭᠣᠯᠠ ᠪᠠᠨ ᠢᠳᠡᠬᠦ ᠨᠢ ᠲᠠᠯᠠᠭᠠᠷ ᠶᠤᠮ᠂ ᠦᠨᠡᠨ ᠳᠡᠭᠡᠨ ᠶᠣᠬᠣᠸᠠ ᠬᠠᠢᠷᠠᠯᠠᠳᠠᠭ ᠬᠥᠮᠦᠨ ᠳᠡᠭᠡᠨ ᠲᠡᠳᠡᠭᠡᠷ ᠢ ᠨᠣᠢᠷ ᠳᠤᠮᠳᠠ ᠨᠢ ᠴᠤ ᠰᠣᠶᠣᠷᠬᠠᠨ᠎ᠠ᠃
3 ᠬᠠᠷ᠎ᠠ᠂ ᠦᠷ᠎ᠡ ᠬᠡᠦᠬᠡᠳ ᠪᠣᠯ ᠶᠣᠬᠣᠸᠠ ᠶᠢᠨ ᠥᠪ᠂ ᠤᠮᠠᠢ ᠶᠢᠨ ᠦᠷ᠎ᠡ ᠵᠢᠮᠢᠰ ᠪᠣᠯ ᠱᠠᠩᠨᠠᠯ ᠶᠤᠮ᠂
4 ᠵᠠᠯᠠᠭᠤ ᠬᠥᠮᠦᠨ ᠦ ᠬᠡᠦᠬᠡᠳ ᠤᠳ ᠪᠠᠭᠠᠲᠤᠷ ᠤᠨ ᠭᠠᠷ ᠲᠤ ᠪᠤᠢ ᠰᠤᠮᠤ ᠲᠠᠢ ᠠᠳᠠᠯᠢ᠂
5 ᠲᠡᠳᠡᠭᠡᠷ ᠢᠶᠡᠷ ᠰᠠᠭᠠᠳᠠᠭ ᠢᠶᠠᠨ ᠳᠦᠭᠦᠷᠭᠡᠭᠰᠡᠨ ᠬᠥᠮᠦᠨ ᠶᠠᠭᠤᠲᠠᠢ ᠪᠤᠶᠠᠨ ᠲᠠᠢ ᠪᠤᠢ︕ ᠲᠡᠳᠡ ᠬᠠᠭᠠᠯᠭᠠᠨ ᠳᠡᠭᠡᠷ᠎ᠡ ᠳᠠᠢᠰᠤᠨ ᠨᠤᠭᠤᠳ ᠲᠠᠢ ᠪᠠᠨ ᠶᠠᠷᠢᠬᠤ ᠳᠠᠭᠠᠨ ᠢᠴᠢᠭᠦᠷᠢ ᠳᠤ ᠣᠷᠣᠬᠤ ᠦᠭᠡᠢ᠃