ᠳᠠᠭᠤᠯᠠᠯ ᠳᠣᠯᠣᠭ᠎ᠠ
ᠪᠤᠷᠤᠭᠤᠲᠠᠨ ᠠᠴᠠ ᠬᠠᠮᠠᠭᠠᠯᠠᠭᠴᠢ
ᠪᠢᠨᠶᠠᠮᠢᠨ ᠬᠥᠮᠦᠨ ᠺᠦᠰᠢ ᠶᠢᠨ ᠲᠠᠯ᠎ᠠ ᠪᠠᠷ ᠶᠣᠬᠣᠸᠠ ᠳᠤ ᠳᠠᠭᠤᠯᠠᠭᠰᠠᠨ ᠳ᠋ᠠᠸᠢᠳ᠋ ᠤᠨ ᠰᠢᠭᠠᠶᠣᠨ\f + \fr 7:0 \ft ᠤᠳᠬ᠎ᠠ ᠨᠢ ᠲᠣᠳᠣᠷᠬᠠᠢ ᠦᠭᠡᠢ᠂ ᠬᠥᠭᠵᠢᠮ ᠤᠨ ᠨᠡᠷ᠎ᠡ ᠲᠣᠮᠢᠶ᠎ᠠ ᠪᠠᠢᠬ᠎ᠠ᠃\f*᠃
1 ᠮᠢᠨᠦ ᠪᠤᠷᠬᠠᠨ ᠶᠣᠬᠣᠸᠠ᠂ ᠪᠢ ᠲᠠᠨ ᠤ ᠳᠣᠲᠣᠷ᠎ᠠ ᠬᠣᠷᠭᠣᠳᠠᠶᠠ᠂ ᠨᠠᠮᠠᠶᠢ ᠮᠥᠰᠬᠢᠭ᠍ᠴᠢ ᠪᠦᠭᠦᠳᠡ ᠡᠴᠡ ᠨᠠᠮᠠᠶᠢ ᠠᠪᠤᠷᠠᠨ ᠴᠢᠯᠥᠭᠡᠯᠡᠭᠡᠴᠢ᠂
2 ᠡᠰᠡ ᠲᠡᠭᠡᠪᠡᠯ ᠲᠡᠳᠡ ᠠᠮᠢ ᠶᠢ ᠮᠢᠨᠢ ᠠᠷᠰᠯᠠᠨ ᠮᠡᠲᠦ ᠤᠷᠠᠬᠤ ᠨᠢ ᠡ᠂ ᠠᠪᠤᠷᠠᠬᠤ ᠬᠥᠮᠦᠨ ᠦᠭᠡᠢ ᠪᠠᠢᠬᠤ ᠳᠤ ᠨᠠᠮᠠᠶᠢ ᠲᠠᠰᠤᠳᠠᠬᠤ ᠨᠢ ᠡ᠃
3 ᠮᠢᠨᠦ ᠪᠤᠷᠬᠠᠨ ᠶᠣᠬᠣᠸᠠ᠂ ᠬᠡᠷᠪᠡ ᠪᠢ ᠲᠡᠭᠦᠨ ᠢ ᠬᠢᠭᠰᠡᠨ ᠪᠣᠯ ᠬᠡᠷᠪᠡ ᠮᠢᠨᠦ ᠭᠠᠷ ᠲᠤ ᠨᠢᠭᠦᠯ ᠪᠠᠢᠭ᠎ᠠ ᠪᠣᠯ
4 ᠬᠡᠷᠪᠡ ᠪᠢ ᠠᠴᠢ ᠶᠢ ᠪᠠᠴᠢ ᠪᠠᠷ ᠬᠠᠷᠢᠭᠤᠯᠵᠤ ᠥᠰᠲᠡᠨ ᠢᠶᠡᠨ ᠰᠢᠯᠲᠠᠭ ᠦᠭᠡᠢ ᠪᠠᠷ ᠬᠦᠯᠢᠭᠰᠡᠨ ᠪᠣᠯ
5 ᠳᠠᠢᠰᠤᠨ ᠮᠢᠨᠢ ᠨᠠᠮᠠᠶᠢ ᠮᠥᠰᠬᠢᠨ ᠭᠦᠢᠴᠡᠭ ᠠᠮᠢ ᠶᠢ ᠮᠢᠨᠢ ᠭᠠᠵᠠᠷ ᠲᠤ ᠭᠢᠰᠬᠢᠯᠡᠨ ᠠᠯᠳᠠᠷ ᠢ ᠮᠢᠨᠢ ᠲᠣᠭᠣᠰᠣᠨ ᠳᠤ ᠣᠷᠣᠭᠤᠯᠤᠭ᠃
ᠰᠧᠯᠠ
6 ᠶᠣᠬᠣᠸᠠ᠂ ᠬᠢᠯᠢᠩ ᠲᠠᠢ ᠪᠠᠷ ᠪᠣᠰᠴᠤ ᠣᠭᠵᠣᠮ ᠠᠭᠤᠷ ᠲᠠᠢ ᠥᠰᠲᠡᠨ ᠨᠦᠭᠦᠳ ᠦᠨ ᠮᠢᠨᠢ ᠡᠰᠡᠷᠭᠦ ᠥᠨᠳᠡᠢᠨ᠎ᠡ ᠤᠤ︖ ᠰᠡᠷᠢᠭᠡᠴᠢ᠂ ᠪᠤᠷᠬᠠᠨ ᠮᠢᠨᠢ︕ ᠰᠢᠭᠦᠬᠦ ᠪᠡᠨ ᠲᠠ ᠵᠠᠷᠯᠠᠭᠰᠠᠨ᠂
7 ᠦᠨᠳᠦᠰᠦᠲᠡᠨ ᠨᠦᠭᠦᠳ ᠲᠠᠨ ᠤ ᠡᠷᠭᠢᠨ ᠲᠣᠭᠣᠷᠢᠨ ᠳᠤ ᠴᠤᠭᠯᠠᠷᠠᠬᠤ ᠳᠤ᠂ ᠲᠠ ᠪᠤᠴᠠᠵᠤ ᠲᠡᠳᠡᠨ ᠦ ᠳᠡᠭᠡᠭᠦᠷ ᠵᠠᠯᠠᠷᠠᠨ᠎ᠠ ᠤᠤ︖
8 ᠶᠣᠬᠣᠸᠠ ᠦᠨᠳᠦᠰᠦᠲᠡᠨ ᠨᠦᠭᠦᠳ ᠢ ᠰᠢᠭᠦᠬᠦ ᠪᠣᠯᠣᠨ᠎ᠠ᠂ ᠶᠣᠬᠣᠸᠠ᠂ ᠨᠠᠮᠠᠶᠢ ᠵᠥᠪ ᠦᠨ ᠮᠢᠨᠢ ᠳᠠᠭᠠᠤ᠂ ᠴᠢᠭ᠍ᠴᠢ ᠪᠠᠢᠳᠠᠯ ᠤᠨ ᠮᠢᠨᠢ ᠳᠠᠭᠠᠤ ᠰᠢᠭᠦᠨ᠎ᠡ ᠤᠤ︖
9 ᠵᠢᠷᠦᠬᠡ ᠰᠡᠳᠬᠢᠯ ᠢ ᠰᠢᠯᠭᠠᠭᠴᠢ᠂ ᠵᠥᠪᠲᠦ ᠪᠤᠷᠬᠠᠨ ᠪᠤᠷᠤᠭᠤᠲᠠᠳ ᠤᠨ ᠮᠠᠭᠤ ᠶᠢ ᠲᠡᠭᠦᠰᠬᠡᠵᠦ᠂ ᠵᠥᠪᠲᠡᠳ ᠢ ᠪᠠᠲᠤᠵᠢᠭᠤᠯᠤᠨ᠎ᠠ᠂
10 ᠴᠢᠭ᠍ᠴᠢ ᠰᠡᠳᠬᠢᠯᠲᠡᠨ ᠢ ᠠᠪᠤᠷᠠᠭᠴᠢ ᠪᠤᠷᠬᠠᠨ ᠳᠤ ᠪᠠᠮᠪᠠᠢ ᠮᠢᠨᠢ ᠪᠤᠢ᠃
11 ᠪᠤᠷᠬᠠᠨ ᠪᠣᠯ ᠵᠥᠪᠲᠦ ᠰᠢᠭᠦᠭᠴᠢ᠂ ᠡᠳᠦᠷ ᠪᠦᠷᠢ ᠬᠢᠯᠢᠩ ᠢᠶᠠᠨ ᠢᠯᠡᠷᠬᠡᠶᠢᠯᠡᠳᠡᠭ᠌᠃
12 ᠬᠡᠷᠪᠡ ᠬᠥᠮᠦᠨ ᠭᠡᠮᠰᠢᠬᠦ ᠦᠭᠡᠢ ᠪᠣᠯ ᠪᠤᠷᠬᠠᠨ ᠢᠯᠳᠦ ᠪᠡᠨ ᠢᠷᠯᠡᠬᠦ ᠪᠣᠯᠣᠨ᠎ᠠ ᠲᠡᠷᠡ ᠨᠤᠮᠤ ᠪᠠᠨ ᠬᠥᠪᠴᠢᠯᠡᠭᠡᠳ ᠪᠡᠯᠡᠨ ᠪᠣᠯᠭᠠᠭᠰᠠᠨ᠂
13 ᠲᠡᠷᠡ ᠦᠬᠦᠯ ᠦᠨ ᠵᠡᠪᠰᠡᠭ ᠢ ᠪᠡᠯᠡᠳᠬᠡᠵᠦ ᠭᠠᠯᠲᠤ ᠰᠤᠮᠤ ᠶᠢ ᠪᠠᠵᠠᠭᠠᠭᠰᠠᠨ᠃
14 ᠬᠠᠷ᠎ᠠ᠂ ᠪᠤᠷᠤᠭᠤᠲᠠᠨ ᠭᠡᠮ ᠦᠨ ᠢᠶᠠᠨ ᠦᠷ᠎ᠡ ᠶᠢ ᠲᠣᠭᠲᠠᠭᠠᠵᠤ ᠭᠠᠢ ᠪᠠᠷ ᠵᠢᠷᠮᠦᠰᠦᠯᠡᠵᠦ᠂ ᠬᠠᠭᠤᠷᠮᠠᠭ ᠢ ᠲᠥᠷᠥᠭᠦᠯᠳᠡᠭ᠃
15 ᠲᠡᠷᠡ ᠨᠦᠬᠡ ᠤᠬᠤᠵᠤ ᠮᠠᠯᠲᠠᠳᠠᠭ ᠪᠣᠯᠪᠠᠴᠤ ᠤᠬᠤᠭᠰᠠᠨ ᠨᠦᠬᠡᠨ ᠳᠡᠭᠡᠨ ᠤᠨᠠᠨ᠎ᠠ᠂
16 ᠭᠠᠢ ᠨᠢ ᠥᠪᠡᠷ ᠦᠨ ᠬᠢᠨᠢ ᠲᠣᠯᠣᠭᠠᠢ ᠳᠡᠭᠡᠷ᠎ᠡ ᠪᠤᠴᠠᠵᠤ ᠬᠦᠴᠦᠷᠬᠡᠭᠯᠡᠯ ᠨᠢ ᠥᠪᠡᠷ ᠦᠨ ᠬᠢᠨᠢ ᠳᠤᠬᠤᠨ ᠳᠡᠭᠡᠷ᠎ᠡ ᠪᠠᠭᠤᠨ᠎ᠠ᠃
17 ᠵᠥᠪᠲᠦ ᠶᠣᠬᠣᠸᠠ ᠶᠢ ᠪᠢ ᠮᠠᠭᠲᠠᠨ᠎ᠠ᠂ ᠬᠠᠮᠤᠭ ᠤᠨ ᠳᠡᠭᠡᠳᠦ ᠶᠣᠬᠣᠸᠠ ᠶᠢᠨ ᠨᠡᠷ᠎ᠡ ᠳᠦ ᠪᠢ ᠳᠠᠭᠤᠤ ᠡᠷᠭᠦᠨ᠎ᠡ᠃