ᠳᠠᠭᠤᠯᠠᠯ ᠠᠷᠪᠠᠨ ᠬᠣᠶᠠᠷ
ᠳᠠᠷᠤᠯᠠᠭᠳᠠᠭᠰᠠᠳ ᠲᠤ ᠲᠤᠰᠠᠯᠠᠭᠠᠴᠢ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠨᠠᠢ᠌ᠮᠠᠨ ᠤᠲᠠᠰᠤᠲᠤ ᠯᠢᠷ ᠳᠡᠭᠡᠷ᠎ᠡ᠃
1 ᠠᠪᠤᠷᠠᠭᠠᠴᠢ ᠶᠣᠬᠣᠸᠠ᠂ ᠢᠲᠡᠭᠡᠭᠴᠢ ᠬᠥᠮᠦᠨ ᠳᠠᠯᠳᠠ ᠣᠷᠣᠵᠤ ᠦᠨᠡᠨᠴᠢ ᠨᠢ ᠬᠥᠮᠦᠨ ᠦ ᠬᠥᠪᠡᠭᠦᠳ ᠦᠨ ᠳᠤᠮᠳᠠ ᠠᠯᠠᠭ᠎ᠠ ᠪᠣᠯᠣᠭᠰᠠᠨ ᠪᠢᠯᠡ᠃
2 ᠬᠥᠮᠦᠰ ᠪᠡᠶ᠎ᠡ ᠪᠡᠶ᠎ᠡ ᠳᠡᠭᠡᠨ ᠬᠤᠳᠠᠯ ᠬᠡᠯᠡᠳᠡᠭ ᠬᠣᠶᠠᠷ ᠰᠠᠨᠠᠭ᠎ᠠ ᠪᠠᠷ᠂ ᠤᠷᠠᠨ ᠬᠣᠩᠰᠢᠶᠠᠷ ᠢᠶᠠᠷ ᠶᠠᠷᠢᠳᠠᠭ᠂
3 ᠶᠣᠬᠣᠸᠠ ᠤᠷᠠᠨ ᠬᠣᠩᠰᠢᠶᠠᠷ ᠪᠦᠭᠦᠳᠡ ᠶᠢ ᠶᠡᠬᠡᠷᠬᠡᠨ ᠶᠠᠷᠢᠭᠴᠢ ᠬᠡᠯᠡ ᠪᠦᠭᠦᠳᠡ ᠶᠢ ᠲᠠᠰᠤᠯᠬᠤ ᠪᠣᠯᠲᠤᠭᠠᠢ᠃
4 ᠤᠴᠢᠷ ᠨᠢ ᠲᠡᠳᠡ 《ᠬᠡᠯᠡ ᠪᠡᠷ ᠢᠶᠠᠨ ᠪᠢᠳᠡ ᠢᠯᠠᠨ᠎ᠠ ᠣᠷᠣᠭᠤᠯ ᠮᠠᠨᠢ ᠪᠢᠳᠡᠨ ᠦ ᠬᠢ᠂ ᠬᠡᠨ ᠪᠢᠳᠡᠨ ᠦ ᠡᠵᠡᠨ ᠪᠢᠯᠡ︖》 ᠭᠡᠳᠡᠭ᠃
5 ᠶᠣᠬᠣᠸᠠ ᠠᠢᠯᠠᠳᠤᠨ 《ᠶᠠᠳᠠᠭᠤᠰ ᠲᠣᠨᠣᠭᠳᠠᠵᠤ ᠦᠭᠡᠭᠦᠴᠦᠳ ᠰᠡᠭᠦᠷᠡᠰᠦ ᠠᠯᠳᠠᠳᠠᠭ ᠲᠤᠯᠠ ᠡᠳᠦᠭᠡ ᠪᠢ ᠪᠣᠰᠣᠨ᠎ᠠ᠂ ᠬᠦᠰᠡᠭᠰᠡᠨ ᠠᠶᠤᠯ ᠦᠭᠡᠢ ᠭᠠᠵᠠᠷ ᠲᠤᠨᠢ ᠪᠢ ᠲᠡᠳᠡᠨ ᠢ ᠲᠠᠯᠪᠢᠨ᠎ᠠ》 ᠭᠡᠨ᠎ᠡ᠃
6 ᠶᠣᠬᠣᠸᠠ ᠶᠢᠨ ᠦᠭᠡ ᠪᠣᠯ ᠴᠡᠪᠡᠷ ᠦᠭᠡ᠂ ᠰᠢᠪᠠᠷ ᠵᠤᠤᠬᠠᠨ ᠳᠤ ᠰᠢᠷᠭᠠᠭᠠᠭᠰᠠᠨ ᠳᠣᠯᠣᠭ᠎ᠠ ᠳᠠᠬᠢᠨ ᠲᠤᠩ᠋ᠭᠠᠭᠰᠠᠨ ᠮᠥᠩᠭᠥ ᠮᠡᠲᠦ ᠶᠤᠮ᠃
7 ᠥ ᠶᠣᠬᠣᠸᠠ᠂ ᠲᠠ ᠪᠢᠳᠡᠨ ᠢ ᠬᠠᠷᠠᠭᠤᠯᠳᠠᠬᠤ ᠪᠣᠯᠣᠨ᠎ᠠ ᠲᠠ ᠪᠢᠳᠡᠨ ᠢ ᠡᠨᠡ ᠦᠶ᠎ᠡ ᠶᠢᠨ ᠬᠢᠨ ᠡᠴᠡ ᠮᠥᠩᠬᠡᠳᠡ ᠬᠠᠮᠠᠭᠠᠯᠠᠨ᠎ᠠ᠃
8 ᠪᠦᠳᠦᠭᠦᠯᠢᠭ ᠨᠢ ᠬᠥᠮᠦᠰ ᠦᠨ ᠳᠤᠮᠳᠠ ᠡᠷᠭᠦᠮᠵᠢᠯᠡᠭᠳᠡᠵᠦ ᠪᠤᠷᠤᠭᠤᠲᠠᠨ ᠡ᠊ᠨᠳᠡ ᠲᠡᠨᠳᠡ ᠦᠭᠡᠢ ᠶᠠᠪᠤᠵᠤ ᠪᠠᠢᠨ᠎ᠠ᠃