ᠳᠠᠭᠤᠯᠠᠯ ᠳᠥᠴᠢᠨ ᠨᠠᠢ᠌ᠮᠠ
ᠪᠤᠷᠬᠠᠨ ᠤ ᠬᠣᠲᠠ ᠶᠢᠨ ᠮᠠᠭᠲᠠᠭᠠᠯ
ᠳᠠᠭᠤᠤ᠂ ᠺᠣᠷᠠ ᠶᠢᠨ ᠬᠣᠢᠴᠢᠰ ᠤᠨ ᠳᠠᠭᠤᠯᠠᠯ᠃
1 ᠶᠣᠬᠣᠸᠠ ᠠᠭᠤᠤ᠂ ᠲᠡᠷᠡ ᠠᠷᠢᠭᠤᠨ ᠠᠭᠤᠯᠠᠨ ᠳᠠᠭᠠᠨ᠂ ᠪᠢᠳᠡᠨ ᠦ ᠪᠤᠷᠬᠠᠨ ᠤ ᠬᠣᠲᠠ ᠳᠤ ᠠᠭᠤᠤ ᠪᠠᠷ ᠮᠠᠭᠲᠠᠭᠳᠠᠬᠤ ᠪᠣᠯᠲᠤᠭᠠᠢ᠃
2 ᠥᠨᠳᠥᠷ ᠪᠥᠭᠡᠳ ᠦᠵᠡᠰᠬᠦᠯᠡᠩ ᠲᠡᠢ᠂ ᠪᠦᠬᠦ ᠳᠡᠯᠡᠬᠡᠢ ᠶᠢᠨ ᠪᠠᠶᠠᠰᠬᠤᠯᠠᠩ ᠪᠣᠯᠬᠤ ᠽᠢᠶᠣᠨ ᠠᠭᠤᠯᠠ ᠶᠢᠨ ᠠᠯᠤᠰ ᠬᠣᠢᠨ᠎ᠠ ᠨᠢ ᠶᠡᠬᠡ ᠬᠠᠭᠠᠨ ᠤ ᠬᠣᠲᠠ ᠪᠤᠢ᠃
3 ᠲᠡᠭᠦᠨ ᠦ ᠰᠢᠯᠲᠦᠭᠡᠨ ᠳᠦ ᠪᠤᠷᠬᠠᠨ ᠥᠪᠡᠷ ᠢᠶᠡᠨ ᠴᠠᠢᠵᠠ ᠪᠣᠯᠬᠤ ᠪᠠᠨ ᠲᠠᠨᠢᠭᠤᠯᠵᠠᠢ᠃
4 ᠬᠠᠷ᠎ᠠ᠂ ᠬᠠᠭᠠᠳ ᠴᠤᠭᠯᠠᠷᠠᠵᠤ᠂ ᠬᠠᠮᠲᠤ ᠥᠩᠭᠡᠷᠡᠬᠦ ᠳᠡᠭᠡᠨ
5 ᠲᠡᠭᠦᠨ ᠢ ᠬᠠᠷᠠᠭᠠᠳ ᠪᠠᠯᠠᠮᠠᠭᠳᠠᠪᠠ ᠰᠡᠩᠳᠡ ᠮᠡᠩᠳᠡ ᠵᠢᠭᠤᠲᠠᠪᠠ
6 ᠲᠡᠨᠳᠡ ᠲᠡᠳᠡ ᠠᠢᠳᠠᠰ ᠲᠤ ᠠᠪᠲᠠᠪᠠ ᠨᠢᠷᠠᠢᠯᠠᠵᠤ ᠪᠤᠢ ᠪᠦᠰᠡᠭᠦᠢ ᠶᠢᠨ ᠰᠢᠭ ᠵᠣᠪᠠᠯᠠᠩ ᠠᠮᠰᠠᠪᠠ᠃
7 ᠲᠠ ᠳᠣᠷᠣᠨ᠎ᠠ ᠶᠢᠨ ᠰᠠᠯᠬᠢ ᠪᠠᠷ ᠲᠠᠷᠱᠢᠱ ᠤᠨ ᠣᠩ᠋ᠭᠣᠴᠠ ᠨᠤᠭᠤᠳ ᠢ ᠰᠦᠢᠷᠡᠭᠦᠯᠪᠡ᠃
8 ᠠᠤᠭ᠎ᠠ ᠬᠦᠴᠦᠲᠦ ᠶᠣᠬᠣᠸᠠ ᠶᠢᠨ ᠬᠣᠲᠠ᠂ ᠪᠢᠳᠡᠨ ᠦ ᠪᠤᠷᠬᠠᠨ ᠤ ᠬᠣᠲᠠ ᠳᠤ ᠪᠢᠳᠡ ᠰᠣᠨᠣᠰᠣᠭᠰᠠᠨ ᠢᠶᠠᠨ ᠬᠠᠷᠠᠭᠰᠠᠨ᠂ ᠪᠤᠷᠬᠠᠨ ᠬᠣᠲᠠ ᠪᠠᠨ ᠮᠥᠩᠬᠡᠳᠡ ᠲᠣᠭᠲᠠᠭᠠᠨ᠎ᠠ᠃
ᠰᠧᠯᠠ
9 ᠪᠤᠷᠬᠠᠨ᠂ ᠲᠠᠨ ᠤ ᠥᠷᠭᠥᠭᠡ ᠳᠣᠲᠣᠷ᠎ᠠ ᠪᠢᠳᠡ ᠲᠠᠨ ᠤ ᠦᠨᠡᠨ ᠬᠠᠢᠷ᠎ᠠ ᠶᠢ ᠲᠤᠩ᠋ᠭᠠᠭᠰᠠᠨ ᠪᠢᠯᠡ᠃
10 ᠪᠤᠷᠬᠠᠨ᠂ ᠲᠠᠨ ᠤ ᠨᠡᠷ᠎ᠡ ᠰᠢᠭ ᠲᠠᠨ ᠤ ᠮᠠᠭᠲᠠᠭᠠᠯ ᠴᠤ ᠭᠠᠵᠠᠷ ᠤᠨ ᠬᠢᠵᠠᠭᠠᠷ ᠲᠤ ᠬᠦᠷᠦᠨ᠎ᠡ ᠲᠠᠨ ᠤ ᠪᠠᠷᠠᠭᠤᠨ ᠮᠤᠲᠤᠷ ᠵᠥᠪ ᠢᠶᠡᠷ ᠳᠦᠭᠦᠷᠡᠩ
11 ᠲᠠᠨ ᠤ ᠰᠢᠳᠬᠡᠯ ᠡᠴᠡ ᠪᠣᠯᠵᠤ ᠽᠢᠶᠣᠨ ᠠᠭᠤᠯᠠ ᠪᠠᠶᠠᠷᠯᠠᠵᠤ ᠶᠦᠳᠠ ᠶᠢᠨ ᠥᠬᠢᠳ ᠪᠠᠶᠠᠰᠳᠠᠭ᠃
12 ᠲᠠ ᠨᠠᠷ ᠽᠢᠶᠣᠨ ᠢᠶᠠᠷ ᠠᠯᠬᠤᠨ᠂ ᠲᠡᠭᠦᠨ ᠢ ᠲᠣᠭᠣᠷᠢᠨ ᠶᠠᠪᠤᠵᠤ ᠴᠠᠮᠬᠠᠭ ᠤᠳ ᠢ ᠨᠢ ᠲᠣᠭᠠᠯᠠ
13 ᠬᠠᠨ᠎ᠠ ᠬᠡᠷᠡᠮ ᠤᠳ ᠢ ᠨᠢ ᠠᠵᠢᠭᠯᠠᠵᠤ ᠴᠠᠢᠵᠠ ᠨᠤᠭᠤᠳ ᠢᠶᠠᠷ ᠨᠢ ᠥᠩᠭᠡᠷᠡᠨ ᠶᠠᠪᠤ ᠬᠣᠢᠴᠢ ᠦᠶ᠎ᠡ ᠶᠢᠨ ᠬᠢᠨ ᠶᠠᠷᠢᠵᠤ
14 《ᠡᠨᠡ ᠪᠤᠷᠬᠠᠨ ᠪᠣᠯ ᠮᠥᠩᠬᠡ ᠶᠢᠨ ᠮᠥᠩᠬᠡᠳᠡ ᠪᠢᠳᠡᠨ ᠦ ᠪᠤᠷᠬᠠᠨ ᠲᠡᠷᠡ ᠪᠢᠳᠡᠨ ᠢ ᠦᠬᠦᠨ ᠦᠬᠦᠲᠡᠯ᠎ᠡ ᠬᠥᠲᠥᠯᠬᠦ ᠪᠣᠯᠣᠨ᠎ᠠ》 ᠭᠡᠭᠡᠷᠡᠢ᠃