ᠳᠠᠭᠤᠯᠠᠯ ᠲᠠᠪᠢ
ᠵᠥᠪ ᠡᠷᠭᠦᠯ
ᠠᠰᠠᠹ ᠤᠨ ᠳᠠᠭᠤᠯᠠᠯ᠃
1 ᠪᠤᠷᠬᠠᠳ ᠤᠨ ᠪᠤᠷᠬᠠᠨ ᠶᠣᠬᠣᠸᠠ ᠠᠢᠯᠠᠳᠴᠤ ᠨᠠᠷᠠ ᠮᠠᠨᠳᠤᠬᠤ ᠠᠴᠠ ᠵᠢᠷᠭᠠᠬᠤ ᠬᠦᠷᠲᠡᠯ᠎ᠡ ᠭᠠᠵᠠᠷ ᠤᠨ ᠰᠠᠭᠤᠭᠠᠯᠢᠴᠢᠳ ᠢ ᠳᠠᠭᠤᠳᠠᠪᠠ᠃
2 ᠦᠵᠡᠰᠬᠦᠯᠡᠩ ᠲᠡᠭᠦᠰ ᠽᠢᠶᠣᠨ ᠠᠴᠠ ᠪᠤᠷᠬᠠᠨ ᠭᠡᠷᠡᠯ ᠢᠶᠡᠨ ᠰᠠᠴᠤᠷᠠᠭᠤᠯᠤᠯᠠ᠂
3 ᠪᠢᠳᠡᠨ ᠦ ᠪᠤᠷᠬᠠᠨ ᠢᠷᠡᠨ᠎ᠡ᠂ ᠬᠠᠷᠢᠨ ᠳᠠᠭᠤ ᠦᠭᠡᠢ ᠢᠷᠡᠬᠦ ᠪᠢᠰᠢ᠂ ᠡᠮᠦᠨ᠎ᠡ ᠲᠠᠯ᠎ᠠ ᠳᠠᠭᠠᠨ ᠵᠠᠯᠭᠢᠭᠴᠢ ᠭᠠᠯ ᠲᠠᠢ ᠡᠷᠭᠢᠨ ᠲᠣᠭᠣᠷᠢᠨ ᠳᠠᠭᠠᠨ ᠬᠦᠴᠦᠲᠦ ᠰᠢᠭᠤᠷᠭ᠎ᠠ ᠲᠠᠢ᠂
4 ᠲᠡᠷᠡ ᠠᠷᠠᠳ ᠲᠦᠮᠡᠨ ᠢᠶᠡᠨ ᠰᠢᠭᠦᠬᠦ ᠪᠡᠷ ᠳᠡᠭᠡᠷ᠎ᠡ ᠲᠩᠷᠢ ᠪᠣᠯᠣᠨ ᠳᠡᠯᠡᠬᠡᠢ ᠶᠢ ᠳᠠᠭᠤᠳᠠᠵᠤ᠄
5 《ᠨᠠᠳᠠ ᠲᠠᠢ ᠲᠠᠬᠢᠯ ᠢᠶᠠᠷ ᠭᠡᠷ᠎ᠡ ᠪᠠᠢᠭᠤᠯᠤᠭᠰᠠᠨ ᠦᠨᠡᠨᠴᠢ ᠬᠥᠮᠦᠰ ᠢ ᠮᠢᠨᠢ ᠨᠠᠳᠠ ᠤᠷᠤᠭᠤ ᠴᠤᠭᠯᠠᠭᠤᠯ》 ᠭᠡᠨ᠎ᠡ᠃
6 ᠪᠤᠷᠬᠠᠨ ᠥᠪᠡᠷ ᠢᠶᠡᠨ ᠰᠢᠭᠦᠭᠴᠢ ᠪᠣᠯᠪᠠ ᠲᠩᠷᠢ ᠵᠥᠪᠲᠦ ᠶᠣᠰᠣ ᠶᠢ ᠨᠢ ᠵᠠᠷᠯᠠᠯ᠎ᠠ᠃
ᠰᠧᠯᠠ
7 《ᠠᠷᠠᠳ ᠲᠦᠮᠡᠨ ᠮᠢᠨᠢ᠂ ᠰᠣᠨᠣᠰᠣᠭᠲᠤᠨ᠂ ᠪᠢ ᠶᠠᠷᠢᠶ᠎ᠠ᠃ ᠢᠰᠷᠧᠯ ᠡ᠂ ᠪᠢ ᠴᠢᠨᠦ ᠡᠰᠡᠷᠭᠦ ᠭᠡᠷᠡᠴᠢᠯᠡᠶ᠎ᠡ ᠪᠢ ᠪᠣᠯ ᠪᠤᠷᠬᠠᠨ᠂ ᠴᠢᠨᠦ ᠪᠤᠷᠬᠠᠨ᠃
8 ᠲᠠᠬᠢᠯ ᠤᠨ ᠴᠢᠨᠢ ᠲᠠᠯ᠎ᠠ ᠪᠠᠷ ᠪᠢ ᠴᠢᠮᠠᠶᠢ ᠵᠢᠮᠡᠯᠡᠬᠦ ᠦᠭᠡᠢ ᠰᠢᠲᠠᠭᠠᠯᠭᠠᠲᠤ ᠲᠠᠬᠢᠯ ᠤᠳ ᠴᠢᠨᠢ ᠦᠷᠭᠦᠯᠵᠢ ᠮᠢᠨᠦ ᠡᠮᠦᠨ᠎ᠡ ᠪᠤᠢ᠃
9 ᠪᠢ ᠭᠡᠷ ᠡᠴᠡ ᠴᠢᠨᠢ ᠪᠤᠬ᠎ᠠ ᠶᠢ ᠬᠠᠰᠢᠶᠠᠨ ᠠᠴᠠ ᠴᠢᠨᠢ ᠤᠬᠤᠨ᠎ᠠ ᠶᠢ ᠠᠪᠬᠤ ᠦᠭᠡᠢ᠃
10 ᠤᠴᠢᠷ ᠨᠢ ᠣᠢ ᠶᠢᠨ ᠠᠮᠢᠲᠠᠨ ᠪᠦᠭᠦᠳᠡ᠂ ᠮᠢᠩ᠋ᠭᠠᠨ ᠲᠣᠯᠣᠭᠠᠳ ᠤᠨ ᠮᠠᠯ ᠰᠦᠷᠦᠭ ᠮᠢᠨᠦᠬᠢ ᠶᠤᠮ᠃
11 ᠠᠭᠤᠯᠠ ᠶᠢᠨ ᠰᠢᠪᠠᠭᠤ ᠪᠣᠯᠭᠠᠨ ᠢ ᠪᠢ ᠲᠠᠨᠢᠨ᠎ᠠ᠂ ᠬᠡᠭᠡᠷ᠎ᠡ ᠲᠠᠯ᠎ᠠ ᠳᠤ ᠬᠥᠳᠡᠯᠳᠡᠭ ᠪᠦᠬᠦᠨ ᠮᠢᠨᠦᠬᠢ ᠶᠤᠮ᠃
12 ᠥᠯᠥᠰᠥᠭᠰᠡᠨ ᠴᠤ ᠪᠢ ᠴᠢᠮ᠎ᠠ ᠳᠤ ᠬᠡᠯᠡᠬᠦ ᠦᠭᠡᠢ᠂ ᠳᠡᠯᠡᠬᠡᠢ ᠬᠢᠭᠡᠳ ᠲᠡᠭᠦᠨ ᠢ ᠳᠦᠭᠦᠷᠭᠡᠳᠡᠭ ᠪᠦᠬᠦᠨ ᠮᠢᠨᠦᠬᠢ ᠶᠤᠮ᠃
13 ᠪᠢ ᠪᠤᠬ᠎ᠠ ᠶᠢᠨ ᠮᠢᠬ᠎ᠠ ᠶᠢ ᠢᠳᠡᠵᠦ ᠤᠬᠤᠨ᠎ᠠ ᠶᠢᠨ ᠴᠢᠰᠤ ᠶᠢ ᠤᠤᠭᠤᠨ᠎ᠠ ᠭᠡᠵᠢ ᠤᠤ︖
14 ᠪᠤᠷᠬᠠᠨ ᠳᠤ ᠲᠠᠯᠠᠷᠬᠠᠯ ᠤᠨ ᠲᠠᠬᠢᠯ ᠢ ᠡᠷᠭᠦ᠂ ᠬᠠᠮᠤᠭ ᠤᠨ ᠳᠡᠭᠡᠳᠦ ᠨᠢᠭᠡᠨ ᠳᠦ ᠲᠠᠩ᠋ᠭᠠᠷᠢᠭᠯᠠᠭᠰᠠᠨ ᠢᠶᠠᠨ ᠪᠡᠶᠡᠯᠡᠭᠦᠯ᠃
15 ᠪᠡᠷᠬᠡ ᠡᠳᠦᠷ ᠲᠦ ᠨᠠᠮᠠᠶᠢ ᠳᠠᠭᠤᠳᠠ᠂ ᠪᠢ ᠴᠢᠮᠠᠶᠢ ᠭᠡᠲᠦᠯᠭᠡᠵᠦ ᠴᠢ ᠨᠠᠮᠠᠶᠢ ᠠᠯᠳᠠᠷᠰᠢᠭᠤᠯᠬᠤ ᠪᠣᠯᠣᠨ᠎ᠠ᠃》
16 ᠬᠠᠷᠢᠨ ᠪᠤᠷᠬᠠᠨ ᠪᠤᠷᠤᠭᠤᠲᠠᠨ ᠳᠤ ᠠᠢᠯᠠᠳᠬᠤ ᠳᠠᠭᠠᠨ᠄ 《ᠴᠢ ᠶᠠᠮᠠᠷ ᠡᠷᠬᠡ ᠪᠡᠷ ᠮᠢᠨᠦ ᠵᠠᠷᠯᠢᠭ ᠢ ᠲᠠᠢᠯᠪᠤᠷᠢᠯᠠᠵᠤ ᠭᠡᠷ᠎ᠡ ᠶᠢ ᠮᠢᠨᠢ ᠠᠮᠠᠨ ᠳᠠᠭᠠᠨ ᠠᠪᠴᠤ ᠶᠠᠪᠤᠨ᠎ᠠ ᠪᠤᠢ︖
17 ᠦᠨᠡᠨ ᠳᠡᠭᠡᠨ ᠴᠢ ᠵᠢᠭᠠᠪᠤᠷᠢ ᠶᠢ ᠮᠢᠨᠢ ᠵᠢᠭ᠍ᠰᠢᠨ ᠦᠭᠡᠰ ᠢ ᠮᠢᠨᠢ ᠠᠷᠤᠨᠰᠢ ᠪᠠᠨ ᠬᠠᠶᠠᠳᠠᠭ᠂
18 ᠬᠤᠯᠠᠭᠠᠢᠴᠢ ᠶᠢ ᠬᠠᠷᠠᠪᠠᠯ ᠲᠡᠭᠦᠨ ᠲᠡᠢ ᠬᠠᠮᠲᠤ ᠪᠠᠶᠠᠰᠴᠤ ᠵᠠᠪᠬᠠᠢᠷᠠᠭᠴᠢᠳ ᠲᠠᠢ ᠬᠠᠨᠢᠰᠳᠠᠭ᠂
19 ᠠᠮᠠ ᠪᠠᠨ ᠮᠠᠭᠤ ᠳᠤ ᠲᠤᠰᠢᠶᠠᠵᠤ ᠬᠡᠯᠡ ᠪᠡᠷ ᠢᠶᠠᠨ ᠮᠡᠬᠡ ᠵᠣᠬᠢᠶᠠᠳᠠᠭ᠃
20 ᠴᠢ ᠠᠬ᠎ᠠ ᠳᠡᠭᠦᠦᠰ ᠢᠶᠡᠨ ᠮᠠᠭᠤᠯᠠᠬᠤ ᠪᠠᠷ ᠰᠠᠭᠤᠵᠤ ᠡᠬᠡ ᠶᠢᠨ ᠢᠶᠠᠨ ᠬᠦᠦ ᠶᠢ ᠭᠦᠳᠬᠡᠳᠡᠭ᠃
21 ᠡᠳᠡᠭᠡᠷ ᠢ ᠬᠢᠬᠦ ᠳᠦ ᠴᠢᠨᠢ ᠪᠢ ᠳᠠᠭᠤ ᠦᠭᠡᠢ ᠪᠠᠢᠨ᠎ᠠ ᠭᠡᠵᠦ ᠴᠢ ᠨᠠᠮᠠᠶᠢ ᠥᠪᠡᠷ ᠲᠡᠢ ᠪᠡᠨ ᠠᠳᠠᠯᠢ ᠪᠣᠳᠣᠵᠠᠢ᠂ ᠡᠳᠦᠭᠡ ᠪᠢ ᠴᠢᠮᠠᠶᠢ ᠵᠢᠮᠡᠯᠡᠨ᠎ᠡ ᠥᠪᠡᠷ ᠦᠨ ᠴᠢᠨᠢ ᠡᠮᠦᠨ᠎ᠡ ᠴᠢᠮᠠᠶᠢ ᠪᠤᠷᠤᠭᠤᠳᠬᠠᠨ᠎ᠠ᠃
22 ᠪᠤᠷᠬᠠᠨ ᠢ ᠮᠠᠷᠲᠠᠭᠰᠠᠨ ᠲᠠ ᠨᠠᠷ᠂ ᠤᠬᠠᠭᠠᠷᠠᠭᠲᠤᠨ ᠡᠰᠡ ᠪᠥᠭᠡᠰᠦ ᠪᠢ ᠲᠠᠰᠤᠳᠠᠨ᠎ᠠ᠂ ᠭᠡᠲᠦᠯᠭᠡᠭᠴᠢ ᠨᠢ ᠠᠯᠠᠭ᠎ᠠ ᠪᠠᠢᠬᠤ ᠪᠣᠯᠣᠨ᠎ᠠ᠃
23 ᠲᠠᠯᠠᠷᠬᠠᠯ ᠤᠨ ᠲᠠᠬᠢᠯ ᠢ ᠡᠷᠭᠦᠭᠴᠢ ᠨᠢ ᠨᠠᠮᠠᠶᠢ ᠠᠯᠳᠠᠷᠰᠢᠭᠤᠯᠤᠨ᠎ᠠ ᠵᠠᠮᠨᠠᠯ ᠢᠶᠠᠨ ᠵᠠᠰᠠᠭᠴᠢ ᠬᠥᠮᠦᠨ ᠳᠦ ᠪᠢ ᠪᠤᠷᠬᠠᠨ ᠤ ᠠᠪᠤᠷᠠᠯ ᠢ ᠦᠵᠡᠭᠦᠯᠦᠨ᠎ᠡ᠃》