ᠳᠠᠭᠤᠯᠠᠯ ᠨᠠᠶᠠᠨ ᠲᠠᠪᠤ
ᠠᠷᠠᠳ ᠲᠦᠮᠡᠨ ᠢᠶᠡᠨ ᠳᠠᠬᠢᠨ ᠡᠨᠡᠷᠢᠭᠡᠴᠢ
ᠺᠣᠷᠠᠴᠤᠳ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠶᠣᠬᠣᠸᠠ᠂ ᠲᠠ ᠥᠪᠡᠷ ᠦᠨ ᠢᠶᠠᠨ ᠨᠤᠲᠤᠭ ᠢ ᠲᠠᠭᠠᠯᠠᠵᠤ ᠶᠠᠺᠣᠪ ᠤᠨ ᠣᠯᠵᠠᠯᠠᠭᠳᠠᠭᠰᠠᠳ ᠢ ᠪᠤᠴᠠᠭᠠᠨ ᠠᠪᠴᠢᠷᠠᠭᠰᠠᠨ᠂
2 ᠠᠷᠠᠳ ᠲᠦᠮᠡᠨ ᠦ ᠪᠠᠨ ᠭᠡᠮ ᠢ ᠠᠭᠤᠴᠢᠯᠠᠵᠤ ᠠᠯᠢᠪᠠ ᠨᠢᠭᠦᠯ ᠢ ᠨᠢ ᠳᠠᠯᠳᠠᠯᠠᠭᠰᠠᠨ᠃
ᠰᠧᠯᠠ
3 ᠲᠠ ᠬᠠᠮᠤᠭ ᠠᠭᠤᠷ ᠢᠶᠠᠨ ᠬᠤᠷᠢᠶᠠᠭᠰᠠᠨ ᠬᠠᠯᠠᠭᠤ ᠰᠢᠲᠠᠭᠰᠠᠨ ᠬᠢᠯᠢᠩ ᠡᠴᠡ ᠪᠡᠨ ᠡᠷᠭᠢᠭᠰᠡᠨ᠃
4 ᠪᠢᠳᠡᠨ ᠢ ᠠᠪᠤᠷᠠᠭᠴᠢ ᠪᠤᠷᠬᠠᠨ᠂ ᠪᠢᠳᠡᠨ ᠢ ᠰᠡᠷᠭᠦᠭᠡᠭᠡᠴᠢ ᠪᠢᠳᠡᠨ ᠳᠦ ᠬᠢᠯᠢᠩᠨᠡᠬᠦ ᠪᠡᠨ ᠵᠣᠭᠰᠣᠭᠠᠴᠢ᠃
5 ᠡᠭᠦᠷᠢᠳᠡ ᠲᠠ ᠪᠢᠳᠡᠨ ᠳᠦ ᠤᠨᠲᠤᠭᠤᠴᠠᠭᠰᠠᠭᠠᠷ ᠪᠠᠢᠬᠤ ᠤᠤ︖ ᠦᠶ᠎ᠡ ᠶᠢᠨ ᠦᠶ᠎ᠡ ᠳᠦ ᠲᠠ ᠠᠭᠤᠷ ᠲᠠᠢ ᠪᠠᠢᠭᠰᠠᠭᠠᠷ ᠪᠠᠢᠬᠤ ᠤᠤ︖
6 ᠠᠬᠢᠨ ᠲᠠ ᠪᠢᠳᠡᠨ ᠢ ᠠᠮᠢᠯᠠᠭᠤᠯᠬᠤ ᠦᠭᠡᠢ ᠤᠤ︖ ᠠᠷᠠᠳ ᠲᠦᠮᠡᠨ ᠲᠠᠨᠢ ᠲᠠᠨ ᠤ ᠡᠮᠦᠨ᠎ᠡ ᠪᠠᠶᠠᠰᠬᠤ ᠪᠣᠯᠣᠭᠠᠰᠠᠢ᠃
7 ᠦᠨᠡᠨ ᠬᠠᠢᠷ᠎ᠠ ᠪᠢᠳᠡᠨ ᠳᠦ ᠦᠵᠡᠭᠦᠯᠦᠭᠡᠴᠢ᠂ ᠶᠣᠬᠣᠸᠠ᠂ ᠠᠪᠤᠷᠠᠯ ᠢᠶᠠᠨ ᠪᠢᠳᠡᠨ ᠳᠦ ᠬᠠᠢᠷᠠᠯᠠᠭᠠᠴᠢ᠃
8 ᠣᠳᠣ ᠪᠢ ᠶᠣᠬᠣᠸᠠ ᠪᠤᠷᠬᠠᠨ ᠤ ᠪᠠᠨ ᠶᠠᠭᠤ ᠠᠢᠯᠠᠳᠬᠤ ᠶᠢ ᠰᠣᠨᠣᠰᠣᠶ᠎ᠠ ᠲᠡᠷᠡ ᠥᠪᠡᠷ ᠦᠨ ᠢᠶᠠᠨ ᠠᠷᠠᠳ ᠲᠦᠮᠡᠨ ᠳᠦ᠂ ᠥᠪᠡᠷ ᠦᠨ ᠢᠶᠠᠨ ᠦᠨᠡᠨᠴᠢ ᠬᠥᠮᠦᠰ ᠲᠦ ᠠᠮᠤᠭᠤᠯᠠᠩ ᠢ ᠠᠢᠯᠠᠳᠤᠨ᠎ᠠ᠂ ᠬᠠᠷᠢᠨ ᠲᠡᠳᠡ ᠮᠤᠩ᠋ᠬᠠᠭᠯᠠᠯ ᠤᠷᠤᠭᠤ ᠪᠠᠨ ᠪᠦᠦ ᠪᠤᠴᠠᠭᠠᠰᠠᠢ᠃
9 ᠲᠡᠭᠦᠨ ᠦ ᠠᠪᠤᠷᠠᠯ ᠥᠪᠡᠷ ᠡᠴᠡ ᠨᠢ ᠡᠮᠢᠶᠡᠭᠴᠢᠳ ᠲᠤ ᠣᠢᠷ᠎ᠠ︕ ᠲᠡᠭᠦᠨ ᠦ ᠵᠢᠪᠬᠤᠯᠠᠩ ᠪᠢᠳᠡᠨ ᠦ ᠨᠤᠲᠤᠭ ᠲᠤ ᠣᠷᠣᠰᠢᠬᠤ ᠪᠣᠯᠣᠨ᠎ᠠ᠃
10 ᠬᠠᠢᠷ᠎ᠠ ᠬᠢᠭᠡᠳ ᠦᠨᠡᠨ ᠠᠭᠤᠯᠵᠠᠪᠠ᠂ ᠵᠥᠪ ᠬᠢᠭᠡᠳ ᠠᠮᠤᠭᠤᠯᠠᠩ ᠦᠨᠦᠰᠦᠯᠴᠡᠪᠡ᠃
11 ᠦᠨᠡᠨ ᠨᠢ ᠭᠠᠵᠠᠷ ᠠᠴᠠ ᠰᠣᠶᠣᠭᠠᠯᠠᠵᠤ ᠪᠠᠢᠨ᠎ᠠ ᠵᠥᠪ ᠨᠢ ᠲᠩᠷᠢ ᠡᠴᠡ ᠥᠩᠭᠡᠶᠢᠨ ᠬᠠᠷᠠᠯ᠎ᠠ᠃
12 ᠶᠣᠬᠣᠸᠠ ᠥᠪᠡᠷ ᠢᠶᠡᠨ ᠰᠠᠢᠨ ᠢ ᠰᠣᠶᠣᠷᠬᠠᠵᠤ ᠭᠠᠵᠠᠷ ᠮᠢᠨᠢ ᠤᠷᠭᠤᠴᠠ ᠪᠠᠨ ᠤᠷᠭᠤᠭᠤᠯᠵᠤ ᠪᠠᠢᠨ᠎ᠠ᠃
13 ᠵᠥᠪ ᠨᠢ ᠶᠣᠬᠣᠸᠠ ᠶᠢᠨ ᠡᠮᠦᠨ᠎ᠡ ᠶᠠᠪᠤᠵᠤ ᠲᠡᠭᠦᠨ ᠦ ᠠᠯᠬᠤᠭᠠᠨ ᠳᠤ ᠵᠠᠮ ᠪᠣᠯᠣᠨ᠎ᠠ᠃