1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠶᠡᠷᠡ ᠶᠢᠰᠦ
 ᠠᠷᠢᠭᠤᠨ ᠬᠠᠭᠠᠨᠴᠢᠯᠠᠯ
1 ᠶᠣᠬᠣᠸᠠ ᠵᠠᠬᠢᠷᠳᠠᠭ᠂ ᠦᠨᠳᠦᠰᠦᠲᠡᠨ ᠨᠦᠭᠦᠳ ᠴᠡᠴᠡᠷᠡᠨ᠎ᠡ᠂ ᠲᠡᠷᠡ ᠪᠡᠷ ᠺᠧᠷᠣᠪ ᠤᠳ ᠤᠨ ᠳᠡᠭᠡᠭᠦᠷ ᠵᠠᠯᠠᠷᠠᠭᠰᠠᠨ ᠪᠠᠢᠳᠠᠭ᠂ ᠭᠠᠵᠠᠷ ᠭᠠᠩ᠋ᠬᠤᠨ᠎ᠠ᠃
2 ᠶᠣᠬᠣᠸᠠ ᠽᠢᠶᠣᠨ ᠳᠤ ᠠᠭᠤᠤ᠂ ᠬᠠᠮᠤᠭ ᠦᠨᠳᠦᠰᠦᠲᠡᠨ ᠦ ᠳᠡᠭᠡᠭᠦᠷ ᠡᠷᠭᠦᠮᠵᠢᠯᠡᠭᠳᠡᠭᠰᠡᠨ ᠪᠠᠢᠳᠠᠭ᠃
3 ᠲᠠᠨ ᠤ ᠠᠭᠤᠤ᠂ ᠰᠦᠷᠳᠡᠮᠡᠷ ᠨᠡᠷ᠎ᠡ ᠶᠢ ᠲᠡᠳᠡ ᠮᠠᠭᠲᠠᠭ ᠲᠡᠷᠡ ᠠᠷᠢᠭᠤᠨ᠃
4 ᠬᠦᠴᠦᠲᠦ ᠬᠠᠭᠠᠨ ᠲᠠ ᠰᠢᠳᠤᠷᠭᠤ ᠶᠢ ᠬᠠᠢᠷᠠᠯᠠᠳᠠᠭ᠂ ᠲᠠ ᠭᠣᠣᠯᠴᠢ ᠶᠢ ᠲᠣᠭᠲᠠᠭᠠᠨ ᠶᠠᠺᠣᠪ ᠤᠨ ᠬᠢᠨ ᠤ ᠳᠤᠮᠳᠠ ᠵᠥᠪ ᠪᠣᠯᠣᠨ ᠰᠢᠳᠤᠷᠭᠤ ᠶᠢ ᠪᠡᠶᠡᠯᠡᠭᠦᠯᠦᠭᠰᠡᠨ᠃
5 ᠲᠠ ᠨᠠᠷ ᠪᠢᠳᠡᠨ ᠦ ᠪᠤᠷᠬᠠᠨ ᠶᠣᠬᠣᠸᠠ ᠶᠢ ᠳᠡᠭᠡᠳᠦᠯᠡ ᠲᠡᠭᠦᠨ ᠦ ᠬᠥᠯ ᠦᠨ ᠭᠢᠰᠬᠢᠭᠦᠷ ᠦᠨ ᠡᠮᠦᠨ᠎ᠡ ᠮᠥᠷᠭᠥ ᠲᠡᠷᠡ ᠠᠷᠢᠭᠤᠨ᠃

6 ᠲᠡᠭᠦᠨ ᠦ ᠲᠠᠬᠢᠯᠴᠢᠳ ᠤᠨ ᠳᠤᠮᠳᠠ ᠮᠣᠰᠧ᠂ ᠠᠷᠣᠨ ᠨᠠᠷ ᠪᠠᠢᠭᠰᠠᠨ ᠲᠡᠭᠦᠨ ᠦ ᠨᠡᠷ᠎ᠡ ᠶᠢ ᠳᠠᠭᠤᠳᠠᠭᠴᠢᠳ ᠤᠨ ᠳᠤᠮᠳᠠ ᠰᠠᠮᠦ᠋ᠶᠧᠯ ᠪᠠᠢᠭᠰᠠᠨ ᠲᠡᠳᠡ ᠳᠠᠭᠤᠳᠠᠭᠰᠠᠨ ᠳᠤ᠂ ᠶᠣᠬᠣᠸᠠ ᠬᠠᠷᠢᠭᠤᠯᠤᠭᠰᠠᠨ᠃
7 ᠲᠡᠷᠡ ᠡᠭᠦᠯᠡᠨ ᠪᠠᠭᠠᠨ᠎ᠠ ᠠᠴᠠ ᠠᠢᠯᠠᠳᠤᠭᠰᠠᠨ ᠳᠤ᠂ ᠲᠡᠳᠡ ᠰᠣᠶᠣᠷᠬᠠᠭᠰᠠᠨ ᠵᠠᠷᠴᠢᠮ ᠪᠠ ᠲᠣᠭᠲᠠᠭᠠᠯ ᠢ ᠨᠢ ᠪᠡᠶᠡᠯᠡᠭᠦᠯᠦᠭᠰᠡᠨ᠃

8 ᠪᠢᠳᠡᠨ ᠦ ᠪᠤᠷᠬᠠᠨ ᠶᠣᠬᠣᠸᠠ ᠲᠠ ᠲᠡᠳᠡᠨ ᠳᠦ ᠬᠠᠷᠢᠭᠤᠯᠤᠭᠰᠠᠨ ᠲᠠ ᠲᠡᠳᠡᠨ ᠢ ᠥᠷᠥᠰᠢᠶᠡᠭᠴᠢ ᠪᠤᠷᠬᠠᠨ ᠮᠥᠨ ᠮᠠᠭᠤ ᠦᠢᠯᠡᠰ ᠦᠨ ᠬᠢᠨᠢ ᠳᠠᠭᠠᠤ ᠥᠰᠢᠶ᠎ᠡ ᠠᠪᠤᠭᠴᠢ ᠪᠠᠢᠭᠰᠠᠨ᠃
9 ᠪᠢᠳᠡᠨ ᠦ ᠪᠤᠷᠬᠠᠨ ᠶᠣᠬᠣᠸᠠ ᠶᠢ ᠳᠡᠭᠡᠳᠦᠯᠡᠵᠡᠭᠡ᠂ ᠠᠷᠢᠭᠤᠨ ᠠᠭᠤᠯᠠᠨ ᠳᠡᠭᠡᠷ᠎ᠡ ᠨᠢ ᠲᠡᠭᠦᠨ ᠳᠦ ᠮᠥᠷᠭᠥᠭᠲᠦᠨ ᠪᠢᠳᠡᠨ ᠦ ᠪᠤᠷᠬᠠᠨ ᠶᠣᠬᠣᠸᠠ ᠠᠷᠢᠭᠤᠨ᠃