ᠳᠠᠭᠤᠯᠠᠯ ᠵᠠᠭᠤ ᠳᠥᠴᠢᠨ ᠨᠢᠭᠡ
ᠨᠢᠭᠦᠯ ᠡᠴᠡ ᠬᠠᠮᠠᠭᠠᠯᠠᠭᠠᠴᠢ
ᠳ᠋ᠠᠸᠢᠳ᠋ ᠤᠨ ᠳᠠᠭᠤᠯᠠᠯ᠃
1 ᠶᠣᠬᠣᠸᠠ᠂ ᠪᠢ ᠲᠠᠨ ᠢ ᠳᠠᠭᠤᠳᠠᠭᠰᠠᠨ᠂ ᠨᠠᠳᠠ ᠤᠷᠤᠭᠤ ᠬᠤᠷᠳᠤᠨ ᠢᠷᠡᠭᠡᠴᠢ ᠪᠢ ᠳᠠᠭᠤᠳᠠᠬᠤ ᠳᠤ ᠳᠠᠭᠤ ᠳᠤ ᠮᠢᠨᠢ ᠴᠢᠬᠢ ᠲᠠᠯᠪᠢᠭᠠᠴᠢ᠂
2 ᠭᠤᠶᠤᠯᠲᠠ ᠮᠢᠨᠢ ᠲᠠᠨ ᠤ ᠡᠮᠦᠨ᠎ᠡ ᠤᠲᠤᠯᠭ᠎ᠠ ᠰᠢᠭ᠋ ᠭᠠᠷ ᠢᠶᠠᠨ ᠡᠷᠭᠦᠬᠦ ᠮᠢᠨᠢ ᠦᠳᠡᠰᠢ ᠶᠢᠨ ᠲᠠᠬᠢᠯ ᠰᠢᠭ᠋ ᠪᠠᠢᠭ᠂
3 ᠶᠣᠬᠣᠸᠠ᠂ ᠠᠮᠠᠨ ᠳᠤ ᠮᠢᠨᠢ ᠬᠠᠷᠠᠭᠤᠯ ᠲᠠᠯᠪᠢᠵᠤ ᠣᠷᠣᠭᠤᠯ ᠤᠨ ᠮᠢᠨᠢ ᠬᠠᠭᠠᠯᠭ᠎ᠠ ᠶᠢ ᠰᠠᠬᠢᠭᠠᠴᠢ
4 ᠪᠤᠵᠠᠷ ᠬᠡᠷᠡᠭ ᠲᠦ ᠲᠠᠲᠠᠭᠳᠠᠬᠤ ᠶᠢ ᠵᠢᠷᠦᠬᠡᠨ ᠳᠦ ᠮᠢᠨᠢ ᠪᠦᠦ ᠵᠥᠪᠰᠢᠶᠡᠷᠡᠭᠡᠴᠢ ᠪᠢ ᠮᠠᠭᠤ ᠶᠢ ᠦᠢᠯᠡᠳᠦᠭᠴᠢᠳ ᠲᠠᠢ ᠬᠠᠮᠲᠤ ᠪᠤᠷᠤᠭᠤ ᠦᠢᠯᠡ ᠳᠦ ᠣᠷᠣᠯᠴᠠᠭᠤᠵᠠᠢ ᠠᠮᠲᠠᠲᠤ ᠵᠣᠭᠣᠭ ᠠᠴᠠ ᠨᠢ ᠢᠳᠡᠭᠦᠵᠡᠢ᠃
5 ᠵᠥᠪᠲᠡᠨ ᠦ ᠵᠣᠳᠣᠬᠤ ᠨᠢ ᠴᠤ ᠨᠠᠳᠠ ᠳᠤ ᠲᠤᠰᠠ ᠵᠢᠮᠡᠯᠡᠬᠦ ᠨᠢ ᠴᠤ ᠲᠣᠯᠣᠭᠠᠢ ᠳᠤ ᠮᠢᠨᠢ ᠲᠣᠰᠣ ᠲᠣᠯᠣᠭᠠᠢ ᠮᠢᠨᠢ ᠡᠳᠡᠭᠡᠷ ᠢ ᠡᠰᠡᠷᠭᠦᠴᠡᠬᠦ ᠦᠭᠡᠢ᠂ ᠮᠢᠨᠦ ᠳᠠᠭᠠᠳᠬᠠᠯ ᠲᠡᠳᠡᠨ ᠦ ᠮᠠᠭᠤ ᠶᠢᠨ ᠡᠰᠡᠷᠭᠦ ᠪᠠᠢᠭᠰᠠᠭᠠᠷ ᠪᠠᠢᠨ᠎ᠠ᠂
6 ᠲᠡᠳᠡᠨ ᠦ ᠵᠠᠬᠢᠷᠤᠭᠴᠢᠳ ᠡᠭᠴᠡ ᠴᠣᠬᠢᠶᠠᠨ ᠠᠴᠠ ᠰᠢᠳᠡᠭᠳᠡᠬᠦ ᠳᠦ ᠯᠠ ᠲᠡᠳᠡ ᠮᠢᠨᠦ ᠦᠭᠡ ᠶᠢ ᠲᠠᠭᠠᠯᠠᠮᠵᠢᠲᠠᠢ ᠬᠡᠮᠡᠨ ᠰᠣᠨᠣᠰᠴᠤ᠄
7 《ᠭᠠᠵᠠᠷ ᠬᠠᠭᠠᠯᠵᠤ᠂ ᠱᠠᠩ ᠭᠠᠷᠭᠠᠭᠰᠠᠨ ᠤ ᠠᠳᠠᠯᠢ ᠮᠠᠨ ᠤ ᠬᠢᠨ ᠤ ᠶᠠᠰᠤ ᠨᠤᠭᠤᠳ ᠪᠤᠯᠠᠰᠢᠨ ᠤ ᠠᠮᠠᠨ ᠳᠤ ᠪᠤᠲᠠᠷᠠᠵᠠᠢ》 ᠭᠡᠯᠴᠡᠬᠦ ᠪᠣᠯᠣᠨ᠎ᠠ᠃
8 ᠡᠵᠡᠨ ᠶᠣᠬᠣᠸᠠ᠂ ᠬᠠᠷᠠᠭ᠎ᠠ ᠮᠢᠨᠢ ᠲᠠᠨ ᠥᠭᠡᠳᠡ ᠪᠢ ᠲᠠᠨ ᠤ ᠳᠣᠲᠣᠷ᠎ᠠ ᠬᠣᠷᠭᠣᠳᠠᠶᠠ᠂ ᠠᠮᠢ ᠶᠢ ᠮᠢᠨᠢ ᠠᠶᠤᠯ ᠳᠤ ᠪᠦᠦ ᠣᠷᠬᠢᠭᠠᠴᠢ᠂
9 ᠮᠠᠭᠤ ᠶᠢ ᠦᠢᠯᠡᠳᠦᠭᠴᠢᠳ ᠤᠨ ᠵᠠᠩ᠋ᠭᠤᠨ ᠠᠴᠠ ᠡᠮᠦᠨ᠎ᠡ ᠮᠢᠨᠢ ᠲᠠᠯᠪᠢᠭᠰᠠᠨ ᠤᠷᠠᠬᠠᠨ ᠠᠴᠠ ᠨᠢ ᠨᠠᠮᠠᠶᠢ ᠬᠠᠮᠠᠭᠠᠯᠠᠭᠠᠴᠢ᠂
10 ᠪᠤᠷᠤᠭᠤᠲᠠᠳ ᠥᠪᠡᠷᠰᠡᠳ ᠦᠨ ᠢᠶᠠᠨ ᠲᠣᠣᠷ ᠲᠤ ᠤᠨᠠᠨ᠎ᠠ᠂ ᠬᠠᠷᠢᠨ ᠪᠢ ᠲᠡᠷᠡᠭᠦᠷ ᠠᠶᠤᠯ ᠦᠭᠡᠢ ᠥᠩᠭᠡᠷᠡᠨ᠎ᠡ᠃