1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠷᠪᠡ
 ᠦᠳᠡᠰᠢ ᠶᠢᠨ ᠳᠠᠭᠠᠳᠬᠠᠯ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠤᠲᠠᠰᠤᠲᠤ ᠬᠥᠭᠵᠢᠮ ᠢᠶᠠᠷ᠃

1 ᠳᠠᠭᠤᠳᠠᠬᠤ ᠳᠤ ᠮᠢᠨᠢ ᠬᠠᠷᠢᠭᠤᠯᠤᠭᠠᠴᠢ ᠮᠢᠨᠦ ᠵᠥᠪ ᠦᠨ ᠪᠤᠷᠬᠠᠨ ᠡ︕ ᠳᠠᠪᠴᠢᠭᠤᠳᠠᠬᠤ ᠳᠤ ᠮᠢᠨᠢ ᠲᠠ ᠨᠠᠮᠠᠶᠢ ᠠᠭᠤᠵᠢᠷᠠᠭᠤᠯᠤᠭᠰᠠᠨ ᠪᠢᠯᠡ ᠨᠠᠮᠠᠶᠢ ᠡᠨᠡᠷᠢᠭᠡᠴᠢ᠂ ᠮᠢᠨᠦ ᠳᠠᠭᠠᠳᠬᠠᠯ ᠢ ᠰᠣᠨᠣᠰᠣᠭᠠᠴᠢ᠃

2 ᠬᠥᠮᠦᠨ ᠦ ᠬᠥᠪᠡᠭᠦᠳ ᠡ ᠬᠡᠳᠦᠢ ᠪᠣᠯᠲᠠᠯ᠎ᠠ ᠲᠠ ᠨᠠᠷ ᠠᠯᠳᠠᠷ ᠢ ᠮᠢᠨᠢ ᠢᠴᠢᠭᠦᠷᠢ ᠪᠠᠷ ᠰᠣᠯᠢᠬᠤ ᠭᠡᠨ᠎ᠡ ᠪᠤᠢ︖ ᠬᠡᠳᠦᠢ ᠪᠣᠯᠲᠠᠯ᠎ᠠ ᠲᠠ ᠨᠠᠷ ᠬᠣᠭᠣᠰᠣᠨ ᠢ ᠬᠠᠢᠷᠠᠯᠠᠨ ᠬᠠᠭᠤᠷᠮᠠᠭ ᠢ ᠬᠠᠢᠨ᠎ᠠ ᠪᠤᠢ︖
 
ᠰᠧᠯᠠ

3 ᠶᠣᠬᠣᠸᠠ ᠥᠪᠡᠷ ᠲᠤᠨᠢ ᠦᠨᠡᠨᠴᠢ ᠬᠥᠮᠦᠨ ᠢ ᠲᠤᠰᠠᠭᠠᠷᠯᠠᠭᠰᠠᠨ ᠢ ᠮᠡᠳᠡᠲᠦᠭᠡᠢ ᠪᠢ ᠳᠠᠭᠤᠳᠠᠪᠠᠯ ᠶᠣᠬᠣᠸᠠ ᠰᠣᠨᠣᠰᠬᠤ ᠪᠣᠯᠣᠨ᠎ᠠ᠃

4 ᠣᠭᠵᠣᠮ ᠠᠭᠤᠷ ᠢᠶᠠᠷ ᠢᠶᠠᠨ ᠨᠢᠭᠦᠯ ᠪᠦᠦ ᠦᠢᠯᠡᠳ ᠣᠷᠣ ᠳᠡᠭᠡᠷ᠎ᠡ ᠪᠡᠨ ᠲᠤᠩ᠋ᠭᠠᠨ ᠪᠢᠰᠢᠯᠭᠠᠵᠤ᠂ ᠳᠠᠭᠤ ᠦᠭᠡᠢ ᠪᠠᠢ᠃
 
ᠰᠧᠯᠠ

5 ᠵᠥᠪ ᠲᠠᠬᠢᠯ ᠡᠷᠭᠦᠵᠦ ᠶᠣᠬᠣᠸᠠ ᠳᠤ ᠨᠠᠢᠳᠠ᠃

6 ᠣᠯᠠᠨ ᠬᠥᠮᠦᠨ 《ᠬᠡᠨ ᠪᠢᠳᠡᠨ ᠳᠦ ᠰᠠᠢᠨ ᠢ ᠦᠵᠡᠭᠦᠯᠦᠨ᠎ᠡ ᠪᠤᠢ︖》 ᠭᠡᠯᠴᠡᠵᠦ ᠪᠠᠢᠨ᠎ᠠ᠂ ᠶᠣᠬᠣᠸᠠ ᠡ᠂ ᠨᠢᠭᠤᠷ ᠤᠨ ᠢᠶᠠᠨ ᠭᠡᠷᠡᠯ ᠢ ᠪᠢᠳᠡᠨ ᠦ ᠳᠡᠭᠡᠷ᠎ᠡ ᠲᠤᠰᠬᠠᠭᠠᠴᠢ︕
7 ᠲᠠᠨ ᠤ ᠰᠣᠶᠣᠷᠬᠠᠭᠰᠠᠨ ᠵᠢᠷᠦᠬᠡᠨ ᠦ ᠮᠢᠨᠢ ᠪᠠᠶᠠᠰᠬᠤᠯᠠᠩ ᠠᠮᠤ ᠳᠠᠷᠠᠰᠤ ᠡᠯᠪᠡᠭ ᠦᠶ᠎ᠡ ᠶᠢᠨ ᠬᠢ ᠡᠴᠡ ᠴᠤ ᠢᠯᠡᠭᠦᠦ ᠶᠤᠮ᠃
8 ᠠᠮᠤᠷ ᠠᠮᠤᠭᠤᠯᠠᠩ ᠢᠶᠠᠷ ᠪᠢ ᠬᠡᠪᠲᠡᠵᠦ ᠤᠨᠲᠠᠨ᠎ᠠ ᠠᠶᠤᠯ ᠦᠭᠡᠢ ᠪᠠᠷ ᠠᠵᠤ ᠲᠥᠷᠥᠭᠦᠯᠦᠭᠴᠢ ᠨᠢ ᠵᠥᠪᠬᠡᠨ ᠶᠣᠬᠣᠸᠠ ᠲᠠ ᠪᠢᠯᠡ᠃