1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠠᠨ ᠨᠢᠭᠡ
 ᠠᠯᠤᠰ ᠠᠴᠠ ᠬᠠᠮᠠᠭᠠᠯᠠᠯᠲᠠ ᠭᠤᠶᠤᠪᠠ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠤᠲᠠᠰᠤᠲᠤ ᠬᠥᠭᠵᠢᠮ ᠳᠡᠭᠡᠷ᠎ᠡ᠃

1 ᠪᠤᠷᠬᠠᠨ᠂ ᠬᠠᠰᠬᠢᠷᠬᠤ ᠶᠢ ᠮᠢᠨᠢ ᠰᠣᠨᠣᠰᠣᠭᠠᠴᠢ ᠭᠤᠶᠤᠯᠲᠠ ᠳᠤ ᠮᠢᠨᠢ ᠴᠢᠬᠢ ᠲᠠᠯᠪᠢᠭᠠᠴᠢ᠃
2 ᠵᠢᠷᠦᠬᠡ ᠮᠢᠨᠢ ᠴᠥᠬᠥᠷᠡᠬᠦ ᠳᠦ᠂ ᠪᠢ ᠭᠠᠵᠠᠷ ᠤᠨ ᠬᠢᠵᠠᠭᠠᠷ ᠠᠴᠠ ᠲᠠᠨ ᠢ ᠳᠠᠭᠤᠳᠠᠨ᠎ᠠ ᠨᠠᠳᠠ ᠠᠴᠠ ᠥᠨᠳᠥᠷ ᠬᠠᠳᠠ ᠥᠭᠡᠳᠡ ᠨᠠᠮᠠᠶᠢ ᠬᠥᠲᠥᠯᠥᠭᠡᠴᠢ᠂
3 ᠤᠤᠯ ᠠᠴᠠ ᠪᠠᠨ ᠲᠠ ᠮᠢᠨᠦ ᠬᠣᠷᠭᠣᠳᠠᠬᠤ ᠭᠠᠵᠠᠷ ᠳᠠᠢᠰᠤᠨ ᠤ ᠡᠮᠦᠨᠡᠬᠢ ᠪᠠᠲᠤ ᠴᠠᠮᠬᠠᠭ ᠪᠠᠢᠭᠰᠠᠨ᠃
4 ᠲᠠᠨ ᠤ ᠮᠠᠢᠬᠠᠨ ᠳᠤ ᠪᠢ ᠡᠭᠦᠷᠢᠳᠡ ᠠᠮᠢᠳᠤᠷᠠᠨ᠎ᠠ ᠲᠠᠨ ᠤ ᠵᠢᠭᠦᠷ ᠦᠨ ᠰᠡᠭᠦᠳᠡᠷ ᠳᠣᠣᠷ᠎ᠠ ᠬᠣᠷᠭᠣᠳᠠᠨ᠎ᠠ᠃
 
ᠰᠧᠯᠠ


5 ᠤᠴᠢᠷ ᠨᠢ ᠪᠤᠷᠬᠠᠨ ᠲᠠ ᠲᠠᠩ᠋ᠭᠠᠷᠢᠭ ᠢ ᠮᠢᠨᠢ ᠰᠣᠨᠣᠰᠣᠭᠰᠠᠨ ᠪᠢᠯᠡ ᠥᠪᠡᠷ ᠦᠨ ᠲᠠᠨᠢ ᠨᠡᠷ᠎ᠡ ᠡᠴᠡ ᠡᠮᠢᠶᠡᠭᠴᠢᠳ ᠤᠨ ᠥᠮᠴᠢ ᠶᠢ ᠨᠠᠳᠠ ᠳᠤ ᠰᠣᠶᠣᠷᠬᠠᠭᠰᠠᠨ᠃
6 ᠲᠠ ᠬᠠᠭᠠᠨ ᠤ ᠡᠳᠦᠷ ᠤᠳ ᠳᠡᠭᠡᠷ᠎ᠡ ᠡᠳᠦᠷ ᠤᠳ ᠨᠡᠮᠡᠵᠦ ᠣᠨ ᠵᠢᠯ ᠤᠳ ᠢ ᠨᠢ ᠦᠶ᠎ᠡ ᠶᠢᠨ ᠦᠶ᠎ᠡ ᠳᠦ ᠦᠷᠭᠦᠯᠵᠢᠯᠡᠭᠦᠯᠦᠭᠡᠴᠢ᠃
7 ᠲᠡᠷᠡ ᠪᠡᠷ ᠪᠤᠷᠬᠠᠨ ᠤ ᠡᠮᠦᠨ᠎ᠡ ᠮᠥᠩᠬᠡᠳᠡ ᠰᠠᠭᠤᠬᠤ ᠪᠣᠯᠲᠤᠭᠠᠢ᠂ ᠬᠠᠢᠷ᠎ᠠ ᠪᠠ ᠦᠨᠡᠨ ᠢᠶᠡᠷ ᠲᠡᠭᠦᠨ ᠢ ᠬᠠᠷᠠᠭᠤᠯᠳᠠᠭᠠᠴᠢ᠃
8 ᠲᠡᠭᠡᠪᠡᠯ ᠪᠢ ᠲᠠᠨ ᠤ ᠨᠡᠷ᠎ᠡ ᠶᠢ ᠡᠭᠦᠷᠢᠳᠡ ᠮᠠᠭᠲᠠᠨ ᠡᠳᠦᠷ ᠡᠳᠦᠷ ᠲᠠᠩ᠋ᠭᠠᠷᠢᠭ ᠤᠳ ᠢᠶᠠᠨ ᠪᠡᠶᠡᠯᠡᠭᠦᠯᠦᠨ᠎ᠡ᠃