1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠶᠡᠷᠡᠨ ᠨᠠᠢ᠌ᠮᠠ
 ᠰᠢᠳᠤᠷᠭᠤ ᠬᠠᠭᠠᠨᠴᠢᠯᠠᠯ
 ᠳᠠᠭᠤᠯᠠᠯ᠃

1 ᠶᠣᠬᠣᠸᠠ ᠳᠤ ᠰᠢᠨ᠎ᠡ ᠳᠠᠭᠤᠤ ᠶᠢ ᠳᠠᠭᠤᠯᠠᠭᠲᠤᠨ ᠲᠡᠷᠡ ᠭᠠᠢᠬᠠᠮᠰᠢᠭᠲᠠᠢ ᠵᠦᠢᠯᠡᠰ ᠢ ᠦᠢᠯᠡᠳᠦᠭᠰᠡᠨ ᠥᠪᠡᠷ ᠦᠨ ᠢᠶᠠᠨ ᠪᠠᠷᠠᠭᠤᠨ ᠭᠠᠷ᠂ ᠥᠪᠡᠷ ᠦᠨ ᠢᠶᠠᠨ ᠠᠷᠢᠭᠤᠨ ᠮᠤᠲᠤᠷ ᠢᠶᠠᠷ ᠠᠪᠤᠷᠠᠯ ᠢ ᠭᠦᠢᠴᠡᠳᠬᠡᠭᠰᠡᠨ᠃
2 ᠶᠣᠬᠣᠸᠠ ᠠᠪᠤᠷᠠᠯ ᠢᠶᠠᠨ ᠮᠡᠳᠡᠭᠦᠯᠦᠭᠰᠡᠨ ᠦᠨᠳᠦᠰᠦᠲᠡᠨ ᠨᠦᠭᠦᠳ ᠦᠨ ᠨᠢᠳᠦᠨ ᠳᠦ ᠵᠥᠪ ᠢᠶᠡᠨ ᠢᠯᠡᠷᠬᠡᠶᠢᠯᠡᠭᠰᠡᠨ᠃
3 ᠢᠰᠷᠧᠯ ᠤᠨ ᠭᠡᠷ ᠦᠨ ᠲᠥᠯᠥᠭᠡᠬᠢ ᠦᠨᠡᠨ ᠬᠠᠢᠷ᠎ᠠ ᠬᠢᠭᠡᠳ ᠢᠲᠡᠭᠡᠮᠵᠢᠲᠠᠢ ᠪᠠᠢᠳᠠᠯ ᠢᠶᠠᠨ ᠰᠠᠨᠠᠭᠰᠠᠨ᠂ ᠳᠡᠯᠡᠬᠡᠢ ᠶᠢᠨ ᠬᠢᠵᠠᠭᠠᠷ ᠤᠨ ᠬᠢᠨ ᠪᠦᠭᠦᠳᠡ ᠪᠢᠳᠡᠨ ᠦ ᠪᠤᠷᠬᠠᠨ ᠤ ᠠᠪᠤᠷᠠᠯ ᠢ ᠬᠠᠷᠠᠵᠠᠢ᠃

4 ᠪᠦᠬᠦ ᠳᠡᠯᠡᠬᠡᠢ᠂ ᠶᠣᠬᠣᠸᠠ ᠥᠭᠡᠳᠡ ᠬᠠᠰᠬᠢᠷᠤᠭᠲᠤᠨ ᠥᠨᠳᠥᠷ ᠳᠠᠭᠤ ᠪᠠᠷ ᠪᠠᠶᠠᠷᠯᠠᠨ ᠮᠠᠭᠲᠠᠭᠲᠤᠨ᠃
5 ᠶᠣᠬᠣᠸᠠ ᠶᠢᠨ ᠡᠮᠦᠨ᠎ᠡ ᠶᠠᠲᠤᠭ᠎ᠠ ᠪᠠᠷ ᠶᠠᠲᠤᠭ᠎ᠠ ᠪᠣᠯᠣᠨ ᠡᠭᠡᠰᠢᠭᠲᠦ ᠳᠠᠭᠤᠤ ᠪᠠᠷ ᠮᠠᠭᠲᠠᠨ ᠳᠠᠭᠤᠯᠠᠭᠲᠤᠨ᠃
6 ᠪᠦᠷᠢᠶ᠎ᠡ ᠪᠣᠯᠣᠨ ᠡᠪᠡᠷ ᠪᠦᠷᠢᠶᠡᠨ ᠦ ᠳᠠᠭᠤ ᠪᠠᠷ ᠶᠣᠬᠣᠸᠠ ᠬᠠᠭᠠᠨ ᠤ ᠡᠮᠦᠨ᠎ᠡ ᠤᠷᠠᠢᠯᠠᠭᠲᠤᠨ᠃

7 ᠳᠠᠯᠠᠢ ᠪᠣᠯᠣᠨ ᠲᠡᠭᠦᠨ ᠦ ᠳᠣᠲᠣᠷᠠᠬᠢ ᠪᠦᠬᠦᠨ ᠳᠡᠯᠡᠬᠡᠢ ᠪᠣᠯᠣᠨ ᠲᠡᠭᠦᠨ ᠦ ᠳᠡᠭᠡᠷ᠎ᠡ ᠣᠷᠣᠰᠢᠭᠴᠢ ᠪᠦᠬᠦᠨ ᠨᠦᠷᠭᠢᠯᠡᠭ᠂
8 ᠶᠣᠬᠣᠸᠠ ᠶᠢᠨ ᠡᠮᠦᠨ᠎ᠡ ᠤᠷᠤᠰᠬᠠᠯ ᠤᠳ ᠠᠯᠠᠭ᠎ᠠ ᠲᠠᠰᠢᠭ ᠠᠭᠤᠯᠠ ᠨᠢᠷᠤᠭᠤᠳ ᠬᠠᠮᠲᠤ ᠳᠠᠭᠠᠨ ᠠᠶᠠᠯᠤᠭᠤᠯᠤᠭ᠂
9 ᠶᠣᠬᠣᠸᠠ ᠭᠠᠵᠠᠷ ᠢ ᠰᠢᠭᠦᠬᠦ ᠪᠡᠷ ᠢᠷᠡᠵᠦ ᠪᠠᠢᠨ᠎ᠠ︕ ᠲᠡᠷᠡ ᠪᠡᠷ ᠳᠡᠯᠡᠬᠡᠢ ᠶᠢ ᠵᠥᠪ ᠢᠶᠡᠷ ᠦᠨᠳᠦᠰᠦᠲᠡᠨ ᠨᠦᠭᠦᠳ ᠢ ᠭᠣᠣᠯᠴᠢ ᠪᠠᠷ ᠰᠢᠭᠦᠬᠦ ᠪᠣᠯᠣᠨ᠎ᠠ᠃