1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠴᠢᠨ ᠳᠣᠯᠣᠭ᠎ᠠ
 ᠢᠪᠡᠭᠡᠭᠴᠢ ᠪᠤᠷᠬᠠᠨ ᠢ ᠮᠠᠭᠲᠠᠭᠲᠤᠨ
1 ᠶᠣᠬᠣᠸᠠ ᠶᠢ ᠮᠠᠭᠲᠠᠭᠲᠤᠨ︕ ᠪᠢᠳᠡᠨ ᠦ ᠪᠤᠷᠬᠠᠨ ᠳᠤ ᠳᠠᠭᠤᠤ ᠡᠷᠭᠦᠬᠦ ᠨᠢ ᠰᠠᠢᠨ᠂ ᠲᠡᠭᠦᠨ ᠢ ᠮᠠᠭᠲᠠᠬᠤ ᠨᠢ ᠰᠠᠢᠬᠠᠨ ᠪᠥᠭᠡᠳ ᠲᠠᠭᠠᠯᠠᠮᠵᠢᠲᠠᠢ᠂
2 ᠶᠣᠬᠣᠸᠠ ᠪᠣᠯ ᠶᠧᠷᠦ᠋ᠰᠠᠯᠧᠮ ᠢ ᠪᠣᠰᠬᠠᠨ ᠪᠠᠷᠢᠭᠴᠢ ᠢᠰᠷᠧᠯ ᠤᠨ ᠴᠥᠯᠡᠭᠳᠡᠭᠰᠡᠳ ᠢ ᠴᠤᠭᠯᠠᠭᠤᠯᠤᠭᠴᠢ
3 ᠰᠢᠨᠠᠯᠤᠭᠰᠠᠨ ᠵᠢᠷᠦᠬᠡ ᠶᠢ ᠠᠨᠠᠭᠠᠨ ᠰᠢᠷᠬ᠎ᠠ ᠶᠢ ᠨᠢ ᠪᠣᠭᠣᠭᠴᠢ᠂
4 ᠣᠳᠣᠳ ᠢ ᠲᠣᠭ᠎ᠠ ᠪᠠᠷ ᠨᠢ ᠲᠠᠨᠢᠵᠤ ᠨᠡᠷ᠎ᠡ ᠨᠡᠷ᠎ᠡ ᠪᠡᠷ ᠨᠢ ᠵᠡᠷᠭᠡ ᠪᠡᠷ ᠳᠠᠭᠤᠳᠠᠭᠴᠢ᠂
5 ᠪᠢᠳᠡᠨ ᠦ ᠡᠵᠡᠨ ᠠᠭᠤᠤ᠂ ᠠᠤᠭ᠎ᠠ ᠬᠦᠴᠦᠲᠡᠢ᠂ ᠣᠶᠤᠨ ᠤᠬᠠᠭᠠᠨ ᠨᠢ ᠴᠠᠭᠯᠠᠰᠢ ᠦᠭᠡᠢ᠂
6 ᠶᠣᠬᠣᠸᠠ ᠪᠣᠯ ᠳᠠᠷᠤᠤ ᠶᠢ ᠡᠷᠭᠦᠮᠵᠢᠯᠡᠵᠦ ᠪᠤᠷᠤᠭᠤᠲᠠᠳ ᠢ ᠭᠠᠵᠠᠷ ᠲᠤ ᠤᠨᠠᠭᠠᠭᠴᠢ᠂

7 ᠶᠣᠬᠣᠸᠠ ᠳᠤ ᠲᠠᠯᠠᠷᠬᠠᠨ ᠳᠠᠭᠤᠯᠠᠭᠲᠤᠨ ᠪᠢᠳᠡᠨ ᠦ ᠪᠤᠷᠬᠠᠨ ᠢ ᠶᠠᠲᠤᠭ᠎ᠠ ᠪᠠᠷ ᠮᠠᠭᠲᠠᠭᠲᠤᠨ᠂
8 ᠲᠡᠷᠡ ᠪᠣᠯ ᠲᠩᠷᠢ ᠶᠢ ᠡᠭᠦᠯᠡᠰ ᠢᠶᠡᠷ ᠪᠦᠷᠬᠦᠨ ᠭᠠᠵᠠᠷ ᠤᠨ ᠲᠥᠯᠥᠭᠡ ᠪᠣᠷᠣᠭᠠᠨ ᠢ ᠪᠡᠯᠡᠳᠬᠡᠭᠴᠢ ᠠᠭᠤᠯᠠᠰ ᠤᠨ ᠳᠡᠭᠡᠷ᠎ᠡ ᠨᠣᠭᠣᠭ᠎ᠠ ᠶᠢ ᠤᠷᠭᠤᠭᠤᠯᠤᠭᠴᠢ
9 ᠠᠷᠢᠶᠠᠲᠠᠨ ᠬᠢᠭᠡᠳ ᠭᠤᠸᠠᠭᠠᠯᠠᠨ ᠪᠠᠢᠭ᠎ᠠ ᠬᠡᠷᠢᠶᠡᠨ ᠵᠤᠯᠵᠠᠭ᠎ᠠ ᠳᠤ ᠢᠳᠡᠰᠢ ᠰᠣᠶᠣᠷᠬᠠᠭᠴᠢ᠂
10 ᠶᠣᠬᠣᠸᠠ ᠮᠣᠷᠢᠨ ᠤ ᠴᠢᠳᠠᠯ ᠢ ᠲᠠᠭᠠᠰᠢᠶᠠᠬᠤ ᠦᠭᠡᠢ ᠬᠥᠮᠦᠨ ᠦ ᠬᠦᠴᠦ 30 ᠶᠢ ᠲᠠᠭᠠᠯᠠᠬᠤ ᠦᠭᠡᠢ᠂
11 ᠶᠣᠬᠣᠸᠠ ᠥᠪᠡᠷ ᠡᠴᠡ ᠨᠢ ᠡᠮᠢᠶᠡᠭᠴᠢᠳ ᠢ ᠦᠨᠡᠨ ᠬᠠᠢᠷ᠎ᠠ ᠳᠤᠨᠢ ᠨᠠᠢᠳᠠᠭᠴᠢᠳ ᠢ ᠲᠠᠭᠠᠯᠠᠳᠠᠭ᠂

12 ᠶᠧᠷᠦ᠋ᠰᠠᠯᠧᠮ ᠡ᠂ ᠶᠣᠬᠣᠸᠠ ᠶᠢ ᠠᠯᠳᠠᠷᠰᠢᠭᠤᠯᠤᠭᠲᠤᠨ︕ ᠽᠢᠶᠣᠨ ᠡ᠂ ᠥᠪᠡᠷ ᠦᠨ ᠢᠶᠠᠨ ᠪᠤᠷᠬᠠᠨ ᠢ ᠮᠠᠭᠲᠠᠭᠲᠤᠨ︕
13 ᠲᠡᠷᠡ ᠪᠡᠷ ᠬᠠᠭᠠᠯᠭ᠎ᠠ ᠶᠢᠨ ᠴᠢᠨᠢ ᠲᠦᠭᠵᠢᠶ᠎ᠡ ᠶᠢ ᠪᠡᠬᠢᠯᠡᠵᠦ ᠴᠢᠨᠦ ᠳᠣᠲᠣᠷᠠᠬᠢ ᠬᠡᠦᠬᠡᠳ ᠤᠳ ᠢ ᠢᠷᠥᠭᠡᠭᠰᠡᠨ᠂
14 ᠲᠡᠷᠡ ᠪᠣᠯ ᠴᠢᠨᠦ ᠬᠢᠯᠢ ᠬᠢᠵᠠᠭᠠᠷ ᠲᠤ ᠠᠮᠤᠭᠤᠯᠠᠩ ᠢ ᠲᠣᠭᠲᠠᠭᠠᠭᠴᠢ᠂ ᠲᠡᠷᠡ ᠴᠢᠮᠠᠶᠢ ᠣᠬᠢ ᠰᠠᠢᠨ ᠪᠤᠭᠤᠳᠠᠢ ᠪᠠᠷ ᠴᠠᠳᠬᠠᠨ᠎ᠠ᠂
15 ᠲᠡᠷᠡ ᠪᠣᠯ ᠲᠤᠰᠢᠶᠠᠯ ᠢᠶᠠᠨ ᠳᠡᠯᠡᠬᠡᠢ ᠳᠦ ᠢᠯᠡᠭᠡᠭᠴᠢ᠂ ᠲᠡᠭᠦᠨ ᠦ ᠦᠭᠡ ᠮᠠᠰᠢ ᠬᠤᠷᠳᠤᠨ ᠭᠦᠶᠦᠨ᠎ᠡ᠂
16 ᠲᠡᠷᠡ ᠪᠣᠯ ᠴᠠᠰᠤ ᠶᠢ ᠨᠣᠣᠰᠣ ᠰᠢᠭ᠋ ᠪᠠᠭᠤᠯᠭᠠᠭᠴᠢ ᠲᠡᠷᠡ ᠬᠢᠷᠠᠭᠤ ᠶᠢ ᠦᠨᠡᠰᠦ ᠰᠢᠭ ᠪᠤᠲᠠᠷᠠᠭᠠᠨ᠎ᠠ᠂
17 ᠲᠡᠷᠡ ᠪᠣᠯ ᠰᠢᠮᠠᠷᠭ᠎ᠠ ᠪᠠᠨ ᠦᠢᠷᠡᠮᠡᠭ ᠰᠢᠭ ᠰᠠᠴᠤᠭᠴᠢ ᠬᠡᠨ ᠵᠢᠪᠠᠷ ᠢ ᠨᠢ ᠰᠥᠷᠥᠨ ᠵᠣᠭᠰᠣᠬᠤ ᠪᠤᠢ︖
18 ᠲᠡᠷᠡ ᠦᠭᠡ ᠪᠡᠨ ᠢᠯᠡᠭᠡᠵᠦ᠂ ᠬᠠᠢᠯᠤᠭᠤᠯᠤᠨ᠎ᠠ ᠰᠠᠯᠬᠢ ᠪᠠᠨ ᠦᠯᠢᠶᠡᠯᠭᠡᠵᠦ ᠤᠰᠤ ᠶᠢ ᠤᠷᠤᠰᠬᠠᠨ᠎ᠠ᠂
19 ᠲᠡᠷᠡ ᠪᠣᠯ ᠥᠪᠡᠷ ᠦᠨ ᠢᠶᠠᠨ ᠦᠭᠡ ᠶᠢ ᠶᠠᠺᠣᠪ ᠲᠤ ᠲᠣᠭᠲᠠᠭᠠᠯ ᠵᠢᠷᠤᠮ ᠤᠳ ᠢᠶᠠᠨ ᠢᠰᠷᠧᠯ ᠳᠤ ᠲᠤᠩ᠋ᠬᠠᠭᠯᠠᠭᠴᠢ᠂
20 ᠠᠯᠢ ᠴᠤ ᠦᠨᠳᠦᠰᠦᠲᠡᠨ ᠳᠦ ᠲᠡᠷᠡ ᠡᠢᠨ ᠬᠦ ᠬᠠᠨᠳᠤᠭ᠎ᠠ ᠦᠭᠡᠢ ᠲᠡᠭᠦᠨ ᠦ ᠶᠣᠰᠣ ᠵᠢᠷᠤᠮ ᠢ ᠲᠡᠳᠡ ᠮᠡᠳᠡᠳᠡᠭ ᠦᠭᠡᠢ᠂ ᠶᠣᠬᠣᠸᠠ ᠶᠢ ᠮᠠᠭᠲᠠᠭᠲᠤᠨ︕