ᠳᠠᠭᠤᠯᠠᠯ ᠵᠠᠭᠤ ᠲᠠᠪᠢ
ᠶᠣᠬᠣᠸᠠ ᠶᠢ ᠮᠠᠭᠲᠠᠭᠲᠤᠨ
1 ᠶᠣᠬᠣᠸᠠ ᠶᠢ ᠮᠠᠭᠲᠠᠭᠲᠤᠨ︕ ᠪᠤᠷᠬᠠᠨ ᠢ ᠠᠷᠢᠭᠤᠨ ᠭᠠᠵᠠᠷ ᠲᠤᠨᠢ ᠮᠠᠭᠲᠠᠭᠲᠤᠨ︕ ᠬᠦᠴᠦ ᠴᠢᠳᠠᠯ ᠤᠨ ᠬᠢᠨᠢ ᠣᠭᠲᠠᠷᠭᠤᠢ ᠳᠤ ᠮᠠᠭᠲᠠᠭᠲᠤᠨ︕
2 ᠬᠦᠴᠦᠲᠦ ᠦᠢᠯᠡᠰ ᠦᠨ ᠬᠢᠨᠢ ᠳᠠᠭᠠᠤ ᠮᠠᠭᠲᠠᠭᠲᠤᠨ︕ ᠡᠷᠬᠢᠮ ᠠᠭᠤᠤ ᠪᠠᠢᠳᠠᠯ ᠤᠨ ᠬᠢᠨᠢ ᠳᠠᠭᠠᠤ ᠮᠠᠭᠲᠠᠭᠲᠤᠨ︕
3 ᠪᠦᠷᠢᠶᠡᠨ ᠳᠠᠭᠤ ᠪᠠᠷ ᠮᠠᠭᠲᠠᠭᠲᠤᠨ︕ ᠪᠣᠰᠣᠭ᠎ᠠ ᠶᠠᠲᠤᠭ᠎ᠠ ᠪᠠ ᠬᠤᠭᠤᠷ ᠢᠶᠠᠷ ᠮᠠᠭᠲᠠᠭᠲᠤᠨ︕
4 ᠬᠡᠩᠭᠡᠷᠭᠡ ᠳᠡᠯᠡᠳᠦᠨ᠂ ᠪᠥᠵᠢᠭ ᠪᠥᠵᠢᠭᠯᠡᠨ ᠮᠠᠭᠲᠠᠭᠲᠤᠨ︕ ᠴᠢᠪᠬᠠᠳᠠᠰᠤᠲᠤ ᠬᠥᠭᠵᠢᠮ᠂ ᠯᠢᠩᠪᠦ ᠪᠡᠷ ᠮᠠᠭᠲᠠᠭᠲᠤᠨ︕
5 ᠴᠢᠩᠭ᠍᠎ᠠ ᠴᠠᠩ ᠢᠶᠠᠷ ᠮᠠᠭᠲᠠᠭᠲᠤᠨ︕ ᠳᠠᠩᠭᠢᠨᠠᠬᠤ ᠴᠠᠩ ᠢᠶᠠᠷ ᠮᠠᠭᠲᠠᠭᠲᠤᠨ︕
6 ᠠᠮᠢᠰᠬᠤᠯ ᠲᠠᠢ ᠪᠦᠬᠦᠨ ᠶᠣᠬᠣᠸᠠ ᠶᠢ ᠮᠠᠭᠲᠠᠭᠲᠤᠨ︕ ᠶᠣᠬᠣᠸᠠ ᠶᠢ ᠮᠠᠭᠲᠠᠭᠲᠤᠨ︕