1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠠᠯᠠᠨ ᠭᠤᠷᠪᠠ
s ᠭᠤᠷᠪᠠᠳᠤᠭᠠᠷ ᠨᠣᠮ
r (ᠳᠠᠭᠤᠯᠠᠯ 73—89)
 ᠪᠤᠷᠤᠭᠤᠲᠠᠨ ᠤ ᠠᠮᠵᠢᠯᠲᠠ
 ᠠᠰᠠᠹ ᠤᠨ ᠳᠠᠭᠤᠯᠠᠯ᠃

1 ᠢᠰᠷᠧᠯ ᠳᠤ᠂ ᠮᠥᠨ ᠴᠡᠪᠡᠷ ᠰᠡᠳᠬᠢᠯᠲᠡᠨ ᠳᠦ ᠪᠤᠷᠬᠠᠨ ᠦᠨᠡᠬᠡᠷ ᠰᠠᠢᠨ ᠪᠠᠢᠳᠠᠭ᠂
2 ᠬᠠᠷᠢᠨ ᠪᠢ ᠬᠥᠯ ᠠᠯᠳᠠᠵᠤ ᠠᠯᠬᠤᠭ᠎ᠠ ᠮᠢᠨᠢ ᠬᠠᠯᠲᠤᠷᠢᠬᠤ ᠰᠢᠬᠠᠵᠠᠢ᠂
3 ᠤᠴᠢᠷ ᠨᠢ ᠪᠢ ᠪᠤᠷᠤᠭᠤᠲᠠᠨ ᠤ ᠠᠮᠵᠢᠯᠲᠠ ᠶᠢ ᠬᠠᠷᠠᠭᠠᠳ ᠪᠠᠷᠳᠠᠮᠨᠠᠭᠴᠢ ᠲᠠᠢ ᠠᠲᠠᠭᠠᠷᠬᠠᠭᠰᠠᠨ᠃
4 ᠲᠡᠳᠡ ᠦᠬᠦᠲᠡᠯ᠎ᠡ ᠪᠡᠨ ᠡᠪᠡᠳᠴᠢᠨ ᠦᠭᠡᠢ᠂ ᠲᠠᠷᠭᠤᠨ᠂ ᠥᠩᠭᠡᠯᠢᠭ ᠪᠠᠢᠳᠠᠭ᠂
5 ᠬᠥᠮᠦᠨ ᠦ ᠵᠣᠪᠠᠯᠠᠩ ᠲᠡᠳᠡᠨ ᠳᠦ ᠦᠭᠡᠢ ᠬᠥᠮᠦᠰ ᠦᠨ ᠵᠣᠪᠠᠭᠤᠷᠢ ᠴᠤ ᠲᠡᠳᠡᠨ ᠳᠦ ᠦᠭᠡᠢ᠃
6 ᠲᠡᠢᠮᠦ ᠡᠴᠡ ᠪᠠᠷᠳᠠᠮᠨᠠᠯ ᠨᠢ ᠲᠡᠳᠡᠨ ᠦ ᠰᠣᠨᠳᠣᠷ ᠪᠠᠯᠠᠮᠠᠳᠯᠠᠯ ᠨᠢ ᠲᠡᠳᠡᠨ ᠦ ᠳᠡᠪᠡᠯ᠂
7 ᠨᠢᠳᠦ ᠨᠢ ᠥᠭᠡᠬᠦᠯᠡᠭᠡᠳ ᠪᠦᠯᠲᠡᠷᠡᠪᠡ ᠰᠠᠨᠠᠭ᠎ᠠ ᠪᠣᠳᠣᠯ ᠨᠢ ᠲᠡᠷᠰᠯᠡᠭᠦᠦ ᠪᠠᠢᠪᠠ᠂
8 ᠲᠡᠳᠡ ᠲᠣᠬᠣᠭᠤᠷᠬᠠᠨ᠂ ᠮᠠᠭᠤ ᠶᠢ ᠶᠠᠷᠢᠯᠴᠠᠳᠠᠭ ᠳᠡᠭᠡᠷᠡᠩᠭᠦᠢ ᠪᠠᠷ ᠰᠢᠷᠦᠭᠦᠨ ᠦᠭᠡ ᠬᠡᠯᠡᠵᠦ ᠪᠠᠢᠨ᠎ᠠ᠂
9 ᠲᠡᠳᠡ ᠣᠷᠣᠭᠤᠯ ᠢᠶᠠᠨ ᠲᠩᠷᠢ ᠳᠡᠭᠡᠷ᠎ᠡ 15 ᠲᠠᠯᠪᠢᠵᠤ ᠬᠡᠯᠡ ᠪᠡᠨ ᠭᠠᠵᠠᠷ ᠳᠡᠭᠡᠭᠦᠷ ᠠᠯᠬᠤᠭᠤᠯᠤᠨ᠎ᠠ᠃

10 ᠲᠡᠢᠮᠦ ᠡᠴᠡ ᠠᠷᠠᠳ ᠲᠦᠮᠡᠨ ᠲᠡᠳᠡᠨ ᠤᠷᠤᠭᠤ ᠡᠷᠭᠢᠵᠦ ᠪᠢᠯᠬᠠᠷᠠᠭᠰᠠᠨ ᠶᠡᠬᠡ ᠤᠰᠤ ᠶᠢ ᠨᠢ ᠤᠤᠭᠤᠵᠤ ᠪᠠᠢᠨ᠎ᠠ᠃
11 ᠲᠡᠳᠡ 《ᠪᠤᠷᠬᠠᠨ ᠶᠠᠭᠠᠬᠢᠵᠤ ᠮᠡᠳᠡᠬᠦ ᠶᠤᠮ ᠪᠤᠢ︖ ᠬᠠᠮᠤᠭ ᠤᠨ ᠳᠡᠭᠡᠳᠦ ᠨᠢᠭᠡᠨ ᠳᠦ ᠮᠡᠳᠡᠯᠭᠡ ᠪᠠᠢᠳᠠᠭ ᠤᠤ︖》 ᠭᠡᠳᠡᠭ᠃
12 ᠬᠠᠷᠠ᠂ ᠲᠡᠳᠡ ᠨᠠᠷ ᠪᠣᠯ ᠪᠤᠷᠤᠭᠤᠲᠠᠨ ᠲᠡᠳᠡ ᠠᠮᠤᠷᠯᠢᠩ᠋ᠭᠤᠢ ᠬᠡᠪ ᠢᠶᠡᠷ ᠢᠶᠠᠨ ᠡᠳ᠋ ᠬᠥᠷᠥᠩᠭᠡ ᠨᠢ ᠨᠡᠮᠡᠭᠳᠡᠭᠰᠡᠭᠡᠷ ᠪᠠᠢᠨ᠎ᠠ᠃
13 ᠬᠠᠷᠠ᠂ ᠵᠢᠷᠦᠬᠡ ᠪᠡᠨ ᠴᠡᠪᠡᠷ ᠪᠠᠢᠯᠭᠠᠵᠤ ᠭᠠᠷ ᠢᠶᠠᠨ ᠭᠡᠮ ᠦᠭᠡᠢ ᠳᠦ ᠤᠭᠢᠶᠠᠭᠰᠠᠨ ᠮᠢᠨᠢ ᠳᠡᠮᠡᠢ ᠪᠠᠢᠵᠠᠢ᠃
14 ᠪᠢ ᠯᠠ ᠡᠳᠦᠷᠵᠢᠨ ᠵᠣᠪᠠᠵᠤ ᠥᠷᠯᠥᠭᠡ ᠪᠦᠷᠢ ᠵᠢᠮᠡᠯᠡᠭᠳᠡᠵᠦ ᠪᠠᠢᠨ᠎ᠠ᠃

15 ᠬᠠᠷᠢᠨ ᠪᠢ ᠲᠡᠭᠡᠵᠦ ᠶᠠᠷᠢᠬᠤ ᠭᠡᠰᠡᠨ ᠪᠣᠯ ᠲᠠᠨ ᠤ ᠬᠡᠦᠬᠡᠳ ᠦᠨ ᠦᠶ᠎ᠡ ᠶᠢᠨ ᠬᠢᠨ ᠳᠤ ᠢᠲᠡᠭᠡᠮᠵᠢ ᠦᠭᠡᠢ ᠬᠠᠨᠳᠤᠬᠤ ᠪᠠᠢᠭᠰᠠᠨ᠃
16 ᠡᠭᠦᠨ ᠦ ᠤᠴᠢᠷ ᠢ ᠣᠢᠯᠠᠭᠠᠬᠤ ᠪᠠᠷ ᠪᠢ ᠪᠣᠳᠣᠭᠰᠠᠭᠠᠷ ᠪᠠᠢᠭᠰᠠᠨ ᠬᠠᠷᠢᠨ ᠡᠨᠡ ᠨᠢ ᠨᠠᠳᠠ ᠳᠤ ᠪᠡᠷᠬᠡ ᠲᠠᠢ ᠰᠠᠨᠠᠭᠳᠠᠪᠠ᠂
17 ᠢᠩᠭᠢᠭᠡᠳ ᠪᠢ ᠪᠤᠷᠬᠠᠨ ᠤ ᠠᠷᠢᠭᠤᠨ ᠭᠠᠵᠠᠷ ᠲᠤ ᠣᠷᠣᠩ᠋ᠭᠤᠲᠠ ᠯᠠ ᠲᠡᠳᠡᠨ ᠦ ᠲᠡᠭᠦᠰᠬᠡᠯ ᠢ ᠤᠬᠠᠭᠠᠷᠠᠭᠰᠠᠨ᠃
18 ᠬᠠᠷᠠ᠂ ᠲᠠ ᠲᠡᠳᠡᠨ ᠢ ᠬᠠᠯᠲᠤᠷᠢᠭ᠎ᠠ ᠲᠠᠢ ᠭᠠᠵᠠᠷ ᠪᠠᠢᠯᠭᠠᠵᠤ ᠲᠡᠳᠡᠨ ᠢ ᠮᠥᠬᠥᠯ ᠤᠷᠤᠭᠤ ᠬᠠᠶᠠᠭᠰᠠᠨ᠃
19 ᠬᠠᠷᠠ᠂ ᠲᠡᠳᠡ ᠬᠣᠷᠣᠮᠬᠠᠨ ᠵᠠᠭᠤᠷ᠎ᠠ ᠰᠦᠢᠷᠡᠪᠡ︕ ᠠᠶᠤᠮᠰᠢᠭ ᠲᠠᠢ ᠪᠠᠷ ᠪᠦᠷᠢᠮᠦᠰᠦᠨ ᠳᠠᠭᠤᠰᠪᠠ︕
20 ᠶᠣᠬᠣᠸᠠ᠂ ᠵᠡᠭᠦᠳᠦᠨ ᠡᠴᠡ ᠪᠡᠨ ᠰᠡᠷᠢᠭᠰᠡᠨ ᠬᠥᠮᠦᠨ ᠮᠡᠲᠦ ᠰᠡᠷᠢᠬᠦ ᠳᠡᠭᠡᠨ ᠲᠠ ᠲᠡᠳᠡᠨ ᠦ ᠳᠦᠷᠢ ᠶᠢ ᠦᠯᠦ ᠣᠢᠰᠢᠶᠠᠨ᠎ᠠ᠃

21 ᠰᠡᠳᠬᠢᠯ ᠮᠢᠨᠢ ᠭᠠᠰᠢᠭᠤᠳᠠᠬᠤ ᠦᠶ᠎ᠡ ᠳᠦ ᠵᠢᠷᠦᠬᠡ ᠮᠢᠨᠢ ᠬᠠᠳᠬᠤᠭᠳᠠᠬᠤ ᠦᠶ᠎ᠡ ᠳᠦ
22 ᠲᠠᠨ ᠤ ᠡᠮᠦᠨ᠎ᠡ ᠪᠢ ᠤᠬᠠᠪᠤᠷᠢ ᠦᠭᠡᠢ ᠮᠤᠩ᠋ᠬᠠᠭ ᠠᠳᠤᠭᠤᠰᠤ ᠯᠤᠭ᠎ᠠ ᠠᠳᠠᠯᠢ ᠪᠠᠢᠭᠰᠠᠨ ᠴᠤ
23 ᠪᠢ ᠦᠷᠭᠦᠯᠵᠢ ᠲᠠᠨ ᠲᠠᠢ ᠬᠠᠮᠲᠤ᠂ ᠲᠠ ᠪᠠᠷᠠᠭᠤᠨ ᠭᠠᠷ ᠠᠴᠠ ᠮᠢᠨᠢ ᠪᠠᠷᠢᠭᠰᠠᠨ᠃
24 ᠲᠠ ᠨᠠᠮᠠᠶᠢ ᠵᠥᠪᠯᠡᠯᠭᠡ ᠪᠡᠷ ᠢᠶᠡᠨ ᠤᠳᠤᠷᠢᠳᠴᠤ ᠬᠣᠵᠢᠮ ᠨᠠᠮᠠᠶᠢ ᠴᠣᠭ ᠵᠢᠪᠬᠤᠯᠠᠩ ᠢᠶᠠᠷ ᠤᠭᠲᠤᠨ ᠠᠪᠤᠨ᠎ᠠ᠃

25 ᠲᠩᠷᠢ ᠳᠡᠭᠡᠷ᠎ᠡ ᠲᠠᠨ ᠠᠴᠠ ᠭᠠᠳᠠᠨ᠎ᠠ ᠨᠠᠳᠠ ᠳᠤ ᠬᠡᠨ ᠪᠠᠢᠬᠤ ᠪᠤᠢ︖ ᠭᠠᠵᠠᠷ ᠳᠡᠭᠡᠷ᠎ᠡ ᠪᠢ ᠲᠠᠨ ᠠᠴᠠ ᠥᠭᠡᠷ᠎ᠡ ᠶᠠᠭᠤ ᠶᠢ ᠴᠤ ᠦᠯᠦ ᠲᠠᠭᠠᠰᠢᠶᠠᠨ᠎ᠠ᠃
26 ᠪᠡᠶ᠎ᠡ ᠬᠢᠭᠡᠳ ᠰᠡᠳᠬᠢᠯ ᠮᠢᠨᠢ ᠳᠣᠷᠣᠢᠲᠠᠬᠤ ᠪᠣᠯᠪᠠᠴᠤ ᠪᠤᠷᠬᠠᠨ ᠰᠡᠳᠬᠢᠯ ᠤᠨ ᠮᠢᠨᠢ ᠬᠠᠳᠠ᠂ ᠮᠥᠩᠬᠡ ᠶᠢᠨ ᠬᠤᠪᠢ ᠮᠢᠨᠢ ᠪᠢᠯᠡ᠃
27 ᠬᠠᠷᠠ᠂ ᠲᠠᠨ ᠠᠴᠠ ᠬᠣᠯᠠᠳᠠᠭᠴᠢᠳ ᠮᠥᠬᠥᠨ᠎ᠡ᠂ ᠥᠪᠡᠷ ᠡᠴᠡ ᠲᠠᠨᠢ ᠤᠷᠪᠠᠨ ᠰᠠᠳᠤᠷᠯᠠᠭᠴᠢ ᠪᠦᠭᠦᠳᠡ ᠶᠢ ᠲᠠ ᠤᠰᠠᠳᠬᠠᠨ᠎ᠠ᠃
28 ᠪᠤᠷᠬᠠᠨ ᠲᠠᠢ ᠣᠢᠷ᠎ᠠ ᠪᠠᠢᠬᠤ ᠨᠢ ᠮᠢᠨᠦ ᠠᠵᠠ ᠪᠢ ᠡᠵᠡᠨ ᠶᠣᠬᠣᠸᠠ ᠶᠢ ᠬᠣᠷᠭᠣᠳᠠᠬᠤ ᠭᠠᠵᠠᠷ ᠢᠶᠠᠨ ᠪᠣᠯᠭᠠᠭᠰᠠᠨ ᠪᠢ ᠲᠠᠨ ᠤ ᠪᠦᠬᠦ ᠦᠢᠯᠡ ᠶᠢ ᠲᠤᠩ᠋ᠬᠠᠭᠯᠠᠨ᠎ᠠ᠃