1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠷᠪᠠ
 ᠥᠷᠯᠥᠭᠡᠨ ᠦ ᠳᠠᠭᠠᠳᠬᠠᠯ
 ᠳ᠋ᠠᠸᠢᠳ᠋ ᠤᠨ ᠳᠠᠭᠤᠯᠠᠯ᠂ ᠬᠦᠦ ᠠᠪᠰᠠᠯᠣᠮ ᠠᠴᠠ ᠪᠠᠨ ᠵᠢᠭᠤᠲᠠᠬᠤ ᠳᠠᠭᠠᠨ᠃

1 ᠶᠣᠬᠣᠸᠠ ᠡ᠂ ᠮᠢᠨᠦ ᠳᠠᠢᠰᠤᠨ ᠨᠤᠭᠤᠳ ᠶᠠᠭᠤᠲᠠᠢ ᠣᠯᠠᠨ ᠪᠤᠢ︕ ᠣᠯᠠᠨ ᠢᠶᠠᠷ ᠢᠶᠠᠨ ᠮᠢᠨᠦ ᠡᠰᠡᠷᠭᠦ ᠪᠣᠰᠴᠤ ᠪᠠᠢᠨ᠎ᠠ᠃
2 ᠣᠯᠠᠨ ᠪᠦᠭᠦᠳᠡᠭᠡᠷ ᠮᠢᠨᠦ ᠲᠤᠬᠠᠢ 《ᠲᠡᠷᠡ ᠪᠡᠷ ᠪᠤᠷᠬᠠᠨ ᠳᠤ ᠠᠪᠤᠷᠠᠭᠳᠠᠬᠤ ᠦᠭᠡᠢ》 ᠭᠡᠯᠴᠡᠵᠦ ᠪᠠᠢᠨ᠎ᠠ᠃
 
ᠰᠧᠯᠠ


3 ᠭᠡᠪᠡᠴᠦ ᠶᠣᠬᠣᠸᠠ᠂ ᠲᠠ ᠯᠠ ᠮᠢᠨᠦ ᠲᠣᠭᠣᠷᠢᠨ ᠳᠠᠬᠢ ᠪᠠᠮᠪᠠᠢ ᠮᠢᠨᠦ ᠴᠣᠭ ᠵᠢᠪᠬᠤᠯᠠᠩ ᠮᠢᠨᠦ ᠲᠣᠯᠣᠭᠠᠢ ᠶᠢ ᠥᠨᠳᠡᠢᠯᠭᠡᠭᠴᠢ ᠪᠢᠯᠡ᠃
4 ᠥᠨᠳᠥᠷ ᠳᠠᠭᠤ ᠪᠠᠷ ᠶᠣᠬᠣᠸᠠ ᠤᠷᠤᠭᠤ ᠬᠠᠰᠬᠢᠷᠬᠤ ᠳᠤ ᠮᠢᠨᠢ ᠥᠪᠡᠷ ᠦᠨ ᠢᠶᠠᠨ ᠠᠷᠢᠭᠤᠨ ᠠᠭᠤᠯᠠᠨ ᠠᠴᠠ ᠲᠡᠷᠡ ᠨᠠᠳᠠ ᠳᠤ ᠬᠠᠷᠢᠭᠤᠯᠪᠠ᠃
 
ᠰᠧᠯᠠ

5 ᠪᠢ ᠬᠡᠪᠲᠡᠭᠡᠳ᠂ ᠤᠨᠲᠠᠳᠠᠭ ᠶᠣᠬᠣᠸᠠ ᠨᠠᠮᠠᠶᠢ ᠲᠦᠰᠢᠬᠦ ᠤᠴᠢᠷ ᠰᠡᠷᠢᠳᠡᠭ
6 ᠲᠦᠮᠡ ᠲᠦᠮᠡᠨ ᠬᠥᠮᠦᠨ ᠨᠠᠮᠠᠶᠢ ᠪᠦᠰᠡᠯᠡᠭᠰᠡᠨ ᠴᠤ ᠪᠢ ᠠᠶᠤᠬᠤ ᠦᠭᠡᠢ᠃
7 ᠪᠣᠰᠣᠭᠠᠴᠢ᠂ ᠶᠣᠬᠣᠸᠠ︕ ᠨᠠᠮᠠᠶᠢ ᠠᠪᠤᠷᠠᠭᠠᠴᠢ᠂ ᠪᠤᠷᠬᠠᠨ ᠮᠢᠨᠢ︕ ᠪᠦᠬᠦ ᠳᠠᠢᠰᠤᠨ ᠤ ᠮᠢᠨᠢ ᠬᠠᠴᠠᠷ ᠤᠷᠤᠭᠤ ᠲᠠ ᠠᠯᠠᠭᠠᠳᠠᠵᠤ ᠪᠤᠷᠤᠭᠤᠲᠠᠳ ᠤᠨ ᠰᠢᠳᠦ ᠶᠢ ᠲᠠ ᠬᠡᠮᠬᠡᠯᠦᠭᠰᠡᠨ᠃
8 ᠠᠪᠤᠷᠠᠯ 1 ᠪᠣᠯ ᠶᠣᠬᠣᠸᠠ ᠶᠢᠨ ᠬᠢ ᠠᠷᠠᠳ ᠲᠦᠮᠡᠨ ᠦ ᠲᠠᠨᠢ ᠳᠡᠭᠡᠷ᠎ᠡ ᠲᠠᠨ ᠤ ᠢᠷᠥᠭᠡᠯ ᠪᠠᠢᠬᠤ ᠪᠣᠯᠲᠤᠭᠠᠢ︕
 
ᠰᠧᠯᠠ