1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠣᠯᠣᠭ᠎ᠠ
s ᠲᠠᠪᠤᠳᠤᠭᠠᠷ ᠨᠣᠮ
r (ᠳᠠᠭᠤᠯᠠᠯ 107—150)
 ᠭᠠᠢᠬᠠᠮᠰᠢᠭᠲᠤ ᠦᠨᠡᠨ ᠬᠠᠢᠷ᠎ᠠ
1 《ᠶᠣᠬᠣᠸᠠ ᠳᠤ ᠲᠠᠯᠠᠷᠬ᠎ᠠ᠂ ᠲᠡᠷᠡ ᠰᠠᠢᠨ ᠦᠨᠡᠨ ᠬᠠᠢᠷ᠎ᠠ ᠨᠢ ᠡᠭᠦᠷᠢᠳᠡ ᠶᠢᠨ ᠬᠢ》 ᠭᠡᠵᠦ᠂
2 ᠶᠣᠬᠣᠸᠠ ᠶᠢᠨ ᠵᠣᠯᠢᠭᠰᠠᠨ ᠬᠥᠮᠦᠰ ᠬᠡᠯᠡᠭ᠂ ᠶᠣᠬᠣᠸᠠ ᠲᠡᠳᠡᠨ ᠢ ᠥᠰᠲᠡᠨ ᠦ ᠬᠢᠨᠢ ᠭᠠᠷ ᠠᠴᠠ ᠵᠣᠯᠢᠵᠤ
3 ᠥᠷᠥᠨ᠎ᠡ ᠬᠢᠭᠡᠳ ᠳᠣᠷᠣᠨ᠎ᠠ ᠠᠴᠠ ᠡᠮᠦᠨ᠎ᠡ ᠬᠢᠭᠡᠳ ᠤᠮᠠᠷ᠎ᠠ ᠠᠴᠠ ᠣᠷᠣᠨ ᠪᠣᠯᠭᠠᠨ ᠠᠴᠠ ᠴᠤᠭᠯᠠᠭᠤᠯᠤᠭᠰᠠᠨ ᠶᠤᠮ᠃

4 ᠲᠡᠳᠡ ᠰᠠᠭᠤᠷᠢᠰᠢᠬᠤ ᠬᠣᠲᠠ ᠣᠯᠣᠯ ᠦᠭᠡᠢ ᠵᠡᠯᠢᠭᠦᠳ ᠴᠥᠯ ᠳᠤ ᠲᠡᠨᠦᠭᠰᠡᠭᠡᠷ
5 ᠥᠯᠥᠰᠴᠦ᠂ ᠴᠠᠩ᠋ᠭᠠᠭᠠᠳ ᠤᠷᠮ᠎ᠠ ᠨᠢ ᠬᠤᠭᠤᠷᠠᠭᠰᠠᠨ ᠠᠵᠢ᠃
6 ᠭᠠᠰᠠᠯᠠᠩ ᠳᠤᠮᠳᠠ ᠪᠠᠨ ᠶᠣᠬᠣᠸᠠ ᠥᠭᠡᠳᠡ ᠬᠠᠰᠬᠢᠷᠬᠤ ᠳᠤᠨᠢ ᠭᠠᠢ ᠵᠣᠪᠠᠯᠠᠩ ᠠᠴᠠ ᠲᠡᠷᠡ ᠠᠪᠤᠷᠠᠭᠰᠠᠨ᠂
7 ᠰᠢᠯᠤᠭᠤᠨ ᠵᠠᠮ ᠢᠶᠠᠷ ᠲᠡᠳᠡᠨ ᠢ ᠰᠠᠭᠤᠷᠢᠰᠢᠬᠤ ᠬᠣᠲᠠ ᠤᠷᠤᠭᠤ ᠵᠠᠮᠴᠢᠯᠠᠭᠰᠠᠨ᠃
8 ᠦᠨᠡᠨ ᠬᠠᠢᠷ᠎ᠠ ᠶᠢᠨ ᠬᠢᠨᠢ ᠲᠠᠯ᠎ᠠ ᠪᠠᠷ ᠬᠥᠮᠦᠨ ᠦ ᠬᠥᠪᠡᠭᠦᠳ ᠲᠦ ᠦᠢᠯᠡᠳᠦᠭᠰᠡᠨ ᠭᠠᠢᠬᠠᠮᠰᠢᠭ ᠤᠳ ᠤᠨ ᠬᠢᠨᠢ ᠲᠠᠯ᠎ᠠ ᠪᠠᠷ ᠶᠣᠬᠣᠸᠠ ᠳᠤ ᠲᠠᠯᠠᠷᠬ᠎ᠠ᠂
9 ᠲᠡᠷᠡ ᠴᠠᠩ᠋ᠭᠠᠭᠰᠠᠨ ᠬᠥᠮᠦᠨ ᠢ ᠤᠮᠳᠠᠯᠠᠵᠤ ᠥᠯᠥᠰᠥᠭᠰᠡᠨ ᠬᠥᠮᠦᠨ ᠢ ᠰᠠᠢᠨ ᠢᠶᠠᠷ ᠴᠠᠳᠬᠤᠭᠰᠠᠨ᠃

10 ᠵᠣᠪᠠᠯᠠᠩ ᠲᠠᠢ ᠪᠠᠷ ᠲᠡᠮᠦᠷ ᠢᠶᠡᠷ ᠭᠢᠨᠵᠢᠯᠡᠭᠳᠡᠵᠦ ᠬᠠᠷᠠᠩ᠋ᠭᠤᠢ ᠳᠤ᠂ ᠦᠬᠦᠯ ᠦᠨ ᠰᠡᠭᠦᠳᠡᠷ ᠲᠦ ᠰᠠᠭᠤᠵᠤ ᠪᠠᠢᠭ᠎ᠠ ᠨᠢ
11 ᠪᠤᠷᠬᠠᠨ ᠤ ᠦᠭᠡᠰ ᠡᠴᠡ ᠲᠡᠷᠰᠯᠡᠨ ᠬᠠᠮᠤᠭ ᠤᠨ ᠳᠡᠭᠡᠳᠦ ᠨᠢᠭᠡᠨ ᠦ ᠵᠥᠪᠯᠡᠯᠭᠡ ᠶᠢ ᠣᠭᠣᠷᠣᠭᠰᠠᠨ ᠤ ᠤᠴᠢᠷ ᠶᠤᠮ᠂
12 ᠲᠡᠷᠡ ᠵᠢᠷᠦᠬᠡ ᠶᠢ ᠨᠢ ᠵᠦᠳᠡᠭᠦᠷᠢ ᠪᠠᠷ ᠨᠣᠮᠣᠬᠠᠳᠬᠠᠳᠠᠭ ᠲᠡᠳᠡ ᠪᠦᠳᠦᠷᠢᠨ ᠤᠨᠠᠭᠰᠠᠨ ᠴᠤ ᠲᠤᠰᠠᠯᠠᠭᠴᠢ ᠠᠯᠠᠭ᠎ᠠ᠃
13 ᠭᠠᠰᠠᠯᠠᠩ ᠳᠤᠮᠳᠠ ᠪᠠᠨ ᠶᠣᠬᠣᠸᠠ ᠥᠭᠡᠳᠡ ᠬᠠᠰᠬᠢᠷᠬᠤ ᠳᠤᠨᠢ ᠭᠠᠢ ᠵᠣᠪᠠᠯᠠᠩ ᠠᠴᠠ ᠲᠡᠷᠡ ᠠᠪᠤᠷᠠᠭᠰᠠᠨ᠂
14 ᠲᠡᠷᠡ ᠬᠠᠷᠠᠩ᠋ᠭᠤᠢ ᠰᠡᠭᠦᠳᠡᠷ ᠡᠴᠡ ᠲᠡᠳᠡᠨ ᠢ ᠭᠠᠷᠭᠠᠵᠤ ᠬᠦᠯᠢᠶᠡᠰᠦ ᠶᠢ ᠨᠢ ᠲᠠᠰᠤᠯᠵᠠᠢ᠂
15 ᠦᠨᠡᠨ ᠬᠠᠢᠷ᠎ᠠ ᠶᠢᠨ ᠬᠢᠨᠢ ᠲᠠᠯ᠎ᠠ ᠪᠠᠷ ᠬᠥᠮᠦᠨ ᠦ ᠬᠥᠪᠡᠭᠦᠳ ᠲᠦ ᠦᠢᠯᠡᠳᠦᠭᠰᠡᠨ ᠭᠠᠢᠬᠠᠮᠰᠢᠭ ᠤᠳ ᠤᠨ ᠬᠢᠨᠢ ᠲᠠᠯ᠎ᠠ ᠪᠠᠷ ᠶᠣᠬᠣᠸᠠ ᠳᠤ ᠲᠠᠯᠠᠷᠬ᠎ᠠ᠂
16 ᠲᠡᠷᠡ ᠪᠡᠷ ᠬᠦᠷᠡᠯ ᠬᠠᠭᠠᠯᠭ᠎ᠠ ᠶᠢ ᠪᠠᠯᠪᠠᠴᠢᠵᠤ ᠲᠡᠮᠦᠷ ᠲᠦᠭᠵᠢᠶ᠎ᠡ ᠶᠢ ᠨᠢ ᠲᠠᠰᠤᠴᠢᠭᠰᠠᠨ᠃

17 ᠲᠡᠨᠡᠭ ᠬᠥᠮᠦᠨ ᠲᠡᠷᠰᠯᠡᠭᠦᠦ ᠵᠠᠮ ᠠᠴᠠ ᠪᠠᠨ ᠭᠡᠮ ᠡᠴᠡ ᠪᠡᠨ ᠪᠣᠯᠵᠤ ᠬᠦᠨᠳᠦ ᠪᠠᠢᠳᠠᠯ ᠳᠤ ᠣᠷᠣᠵᠤ ᠪᠠᠢᠭᠰᠠᠨ᠂
18 ᠶᠠᠩᠵᠤ ᠶᠢᠨ ᠬᠣᠭᠣᠯᠠᠨ ᠳᠤ ᠳᠤᠷ᠎ᠠ ᠭᠤᠲᠤᠵᠤ ᠦᠬᠦᠯ ᠦᠨ ᠡᠭᠦᠳᠡ ᠤᠷᠤᠭᠤ ᠣᠢᠷᠠᠲᠤᠵᠤ ᠪᠠᠢᠭᠰᠠᠨ᠃
19 ᠭᠠᠰᠠᠯᠠᠩ ᠳᠤᠮᠳᠠ ᠪᠠᠨ ᠶᠣᠬᠣᠸᠠ ᠥᠭᠡᠳᠡ ᠬᠠᠰᠬᠢᠷᠬᠤ ᠳᠤᠨᠢ ᠭᠠᠢ ᠵᠣᠪᠠᠯᠠᠩ ᠠᠴᠠ ᠲᠡᠷᠡ ᠠᠪᠤᠷᠠᠭᠰᠠᠨ᠂
20 ᠦᠭᠡ ᠪᠡᠨ ᠢᠯᠡᠭᠡᠨ᠂ ᠲᠡᠳᠡᠨ ᠢ ᠡᠳᠡᠭᠡᠭᠡᠵᠦ ᠠᠶᠤᠯ ᠠᠴᠠ ᠨᠢ ᠠᠪᠤᠷᠠᠭᠰᠠᠨ᠃
21 ᠦᠨᠡᠨ ᠬᠠᠢᠷ᠎ᠠ ᠶᠢᠨ ᠬᠢᠨᠢ ᠲᠠᠯ᠎ᠠ ᠪᠠᠷ ᠬᠥᠮᠦᠨ ᠦ ᠬᠥᠪᠡᠭᠦᠳ ᠲᠦ ᠦᠢᠯᠡᠳᠦᠭᠰᠡᠨ ᠭᠠᠢᠬᠠᠮᠰᠢᠭ ᠤᠳ ᠤᠨ ᠬᠢᠨᠢ ᠲᠠᠯ᠎ᠠ ᠪᠠᠷ ᠶᠣᠬᠣᠸᠠ ᠳᠤ ᠲᠠᠯᠠᠷᠬ᠎ᠠ᠂
22 ᠲᠠᠯᠠᠷᠬᠠᠯ ᠤᠨ ᠲᠠᠬᠢᠯ ᠡᠷᠭᠦᠵᠦ ᠲᠡᠭᠦᠨ ᠦ ᠦᠢᠯᠡᠰ ᠢ ᠳᠠᠭᠤᠤ ᠳᠠᠭᠤᠯᠠᠨ ᠲᠤᠩ᠋ᠬᠠᠭᠯᠠ︕

23 ᠣᠩ᠋ᠭᠣᠴᠠ ᠪᠠᠷ ᠳᠠᠯᠠᠢ ᠳᠤ ᠭᠠᠷᠤᠭᠴᠢᠳ ᠶᠡᠬᠡ ᠤᠰᠤᠨ ᠳᠡᠭᠡᠷ᠎ᠡ ᠠᠷᠠᠯᠵᠢᠶ᠎ᠠ ᠬᠢᠭ᠍ᠴᠢᠳ
24 ᠶᠣᠬᠣᠸᠠ ᠶᠢᠨ ᠦᠢᠯᠡᠰ ᠢ ᠲᠡᠭᠦᠨ ᠦ ᠭᠠᠢᠬᠠᠮᠰᠢᠭ ᠤᠳ ᠢ ᠭᠦᠨ ᠳᠠᠯᠠᠢ ᠳᠤ ᠬᠠᠷᠠᠭᠰᠠᠨ᠃
25 ᠶᠣᠬᠣᠸᠠ ᠠᠢᠯᠠᠳᠬᠤ ᠳᠤ ᠰᠢᠭᠤᠷᠭ᠎ᠠ ᠪᠣᠰᠴᠤ ᠳᠠᠪᠠᠯᠭᠠᠨ ᠣᠢᠯᠪᠠ᠂
26 ᠲᠡᠳᠡ ᠲᠩᠷᠢ ᠥᠭᠡᠳᠡ ᠭᠠᠷᠴᠤ ᠭᠦᠨ ᠤᠷᠤᠭᠤ ᠪᠠᠭᠤᠭᠰᠠᠭᠠᠷ ᠭᠠᠮᠰᠢᠭ ᠤᠨ ᠤᠯᠠᠮ ᠠᠴᠠ ᠵᠢᠷᠦᠬᠡ ᠨᠢ ᠦᠬᠦᠪᠡ᠃
27 ᠲᠡᠳᠡ ᠰᠣᠭᠲᠣᠭᠤ ᠬᠥᠮᠦᠨ ᠰᠢᠭ ᠳᠠᠢᠪᠢᠨ ᠨᠠᠢᠭᠤᠵᠤ ᠶᠠᠭᠠᠬᠢᠬᠤ ᠪᠠᠨ ᠮᠡᠳᠡᠬᠦ ᠪᠡᠨ ᠪᠣᠯᠢᠵᠤ ᠪᠠᠢᠨ᠎ᠠ᠃
28 ᠭᠠᠰᠠᠯᠠᠩ ᠳᠤᠮᠳᠠ ᠪᠠᠨ ᠶᠣᠬᠣᠸᠠ ᠥᠭᠡᠳᠡ ᠬᠠᠰᠬᠢᠷᠬᠤ ᠳᠤᠨᠢ ᠭᠠᠢ ᠵᠣᠪᠠᠯᠠᠩ ᠠᠴᠠ ᠲᠡᠷᠡ ᠠᠪᠤᠷᠠᠭᠰᠠᠨ᠂
29 ᠲᠡᠷᠡ ᠰᠢᠭᠤᠷᠭ᠎ᠠ ᠶᠢ ᠠᠷᠭᠠᠳᠠᠵᠤ ᠳᠠᠯᠠᠢ ᠶᠢᠨ ᠳᠠᠪᠠᠯᠭᠠᠨ ᠢ ᠨᠠᠮᠵᠢᠭᠠᠵᠤ ᠪᠠᠢᠯ᠎ᠠ᠂
30 ᠨᠠᠮ ᠭᠦᠮ ᠪᠣᠯᠬᠤ ᠳᠤ᠂ ᠲᠡᠳᠡ ᠪᠠᠶᠠᠷᠯᠠᠪᠠ ᠶᠣᠬᠣᠸᠠ ᠲᠡᠳᠡᠨ ᠢ ᠬᠦᠰᠡᠭᠰᠡᠨ ᠪᠣᠭᠣᠮᠲᠠ ᠤᠷᠤᠭᠤ ᠨᠢ ᠬᠥᠲᠥᠯᠪᠡ᠃
31 ᠦᠨᠡᠨ ᠬᠠᠢᠷ᠎ᠠ ᠶᠢᠨ ᠬᠢᠨᠢ ᠲᠠᠯ᠎ᠠ ᠪᠠᠷ ᠬᠥᠮᠦᠨ ᠦ ᠬᠥᠪᠡᠭᠦᠳ ᠲᠦ ᠦᠢᠯᠡᠳᠦᠭᠰᠡᠨ ᠭᠠᠢᠬᠠᠮᠰᠢᠭ ᠤᠳ ᠤᠨ ᠬᠢᠨᠢ ᠲᠠᠯ᠎ᠠ ᠪᠠᠷ ᠶᠣᠬᠣᠸᠠ ᠳᠤ ᠲᠠᠯᠠᠷᠬ᠎ᠠ᠂
32 ᠠᠷᠠᠳ ᠲᠦᠮᠡᠨ ᠦ ᠴᠢᠭᠤᠯᠭᠠᠨ ᠳᠤ ᠲᠡᠭᠦᠨ ᠢ ᠳᠡᠭᠡᠳᠦᠯᠡᠵᠦ ᠠᠬᠠᠮᠠᠳ ᠤᠨ ᠵᠥᠪᠯᠡᠯ ᠳᠦ ᠲᠡᠭᠦᠨ ᠢ ᠮᠠᠭᠲᠠᠭᠲᠤᠨ᠃

33 ᠶᠣᠬᠣᠸᠠ ᠭᠣᠣᠯ ᠢ ᠴᠥᠯ ᠪᠣᠯᠭᠠᠨ ᠪᠤᠯᠠᠭ ᠢ ᠬᠠᠭᠤᠷᠠᠢ ᠪᠣᠯᠭᠠᠨ᠎ᠠ᠂
34 ᠰᠠᠭᠤᠭᠠᠯᠢᠴᠢᠳ ᠤᠨ ᠬᠢᠨᠢ ᠬᠣᠷᠣᠨ ᠮᠠᠭᠤ ᠠᠴᠠ ᠪᠣᠯᠵᠤ ᠰᠢᠮᠡᠲᠡᠢ ᠭᠠᠵᠠᠷ ᠢ ᠨᠢ ᠬᠤᠵᠢᠷ ᠲᠠᠢ ᠪᠣᠯᠭᠠᠨ᠎ᠠ᠃
35 ᠭᠡᠪᠡᠴᠦ ᠲᠡᠷᠡ ᠴᠥᠯ ᠢ ᠴᠥᠭᠥᠷᠥᠮ ᠬᠠᠲᠠᠭᠰᠠᠨ ᠭᠠᠵᠠᠷ ᠢ ᠤᠰᠤᠨ ᠤ ᠪᠤᠯᠠᠭ ᠪᠣᠯᠭᠠᠨ᠎ᠠ᠃
36 ᠲᠡᠨᠳᠡ ᠲᠡᠷᠡ ᠪᠡᠷ ᠥᠯᠥᠰᠥᠭᠰᠡᠨ ᠬᠥᠮᠦᠰ ᠢ ᠰᠠᠭᠤᠯᠭᠠᠬᠤ ᠳᠤᠨᠢ ᠲᠡᠳᠡ ᠰᠠᠭᠤᠷᠢᠰᠢᠬᠤ ᠬᠣᠲᠠ ᠪᠠᠨ ᠪᠣᠰᠬᠠᠨ
37 ᠲᠠᠯᠠᠪᠠᠢ ᠳᠤ ᠲᠠᠷᠢᠶ᠎ᠠ ᠲᠠᠷᠢᠵᠤ᠂ ᠦᠵᠦᠮ ᠦᠨ ᠬᠦᠷᠢᠶᠡᠯᠡᠩ ᠪᠠᠢᠭᠤᠯᠤᠨ ᠡᠯᠪᠡᠭ ᠬᠤᠷᠢᠶᠠᠯᠲᠠ ᠣᠯᠣᠭᠰᠠᠨ᠃
38 ᠲᠡᠳᠡᠨ ᠢ ᠢᠪᠡᠭᠡᠬᠦ ᠳᠦᠨᠢ ᠲᠡᠳᠡ ᠥᠨᠢᠷ ᠥᠳᠬᠡᠨ ᠪᠣᠯᠪᠠ ᠲᠡᠷᠡ ᠪᠡᠷ ᠮᠠᠯ ᠰᠦᠷᠦᠭ ᠢ ᠨᠢ ᠴᠤ ᠴᠥᠭᠡᠷᠡᠭᠦᠯᠦᠭᠡ ᠦᠭᠡᠢ᠃
39 ᠭᠡᠲᠡᠯ᠎ᠡ ᠬᠠᠪᠴᠢᠯᠭ᠎ᠠ ᠪᠣᠯᠣᠨ ᠭᠠᠢ ᠵᠣᠪᠠᠯᠠᠩ ᠠᠴᠠ ᠪᠣᠯᠵᠤ ᠲᠡᠳᠡ ᠴᠥᠭᠡᠷᠡᠵᠦ᠂ ᠳᠣᠷᠣᠢᠲᠠᠵᠠᠢ᠃
40 ᠶᠣᠬᠣᠸᠠ ᠨᠣᠶᠠᠳ ᠲᠤᠨᠢ ᠵᠢᠪᠡᠭᠦᠴᠡᠯ ᠢᠶᠡᠨ ᠴᠢᠳᠬᠤᠭᠰᠠᠭᠠᠷ ᠲᠡᠳᠡᠨ ᠢ ᠵᠠᠮ ᠦᠭᠡᠢ ᠴᠥᠯ ᠢᠶᠡᠷ ᠲᠡᠨᠦᠭᠦᠯᠦᠭᠰᠡᠨ ᠪᠣᠯᠪᠠᠴᠤ
41 ᠦᠭᠡᠭᠦᠴᠦᠳ ᠢ ᠨᠢ ᠬᠦᠨᠳᠦ ᠪᠠᠢᠳᠠᠯ ᠠᠴᠠ ᠡᠷᠭᠦᠮᠵᠢᠯᠡᠵᠦ ᠭᠡᠷ ᠪᠦᠯᠢ ᠶᠢ ᠨᠢ ᠬᠣᠨᠢᠨ ᠰᠦᠷᠦᠭ ᠮᠡᠲᠦ ᠥᠨᠢᠷ ᠪᠣᠯᠭᠠᠵᠠᠢ᠃
42 ᠴᠢᠭ᠍ᠴᠢ ᠬᠥᠮᠦᠰ ᠬᠠᠷᠠᠭᠠᠳ ᠪᠠᠶᠠᠷᠯᠠᠬᠤ ᠳᠤ ᠵᠥᠪᠲᠦ ᠪᠤᠰᠤ ᠬᠥᠮᠦᠰ ᠠᠮᠠ ᠪᠠᠨ ᠬᠠᠮᠬᠢᠨ᠎ᠠ᠃
43 ᠬᠡᠨ ᠮᠡᠷᠭᠡᠨ ᠪᠣᠯ ᠡᠳᠡᠭᠡᠷ ᠢ ᠠᠩ᠋ᠬᠠᠷᠴᠤ ᠶᠣᠬᠣᠸᠠ ᠶᠢᠨ ᠬᠠᠢᠷ᠎ᠠ ᠡᠨᠡᠷᠢᠯ ᠢ ᠣᠢᠯᠠᠭᠠᠬᠤ ᠪᠣᠯᠲᠤᠭᠠᠢ᠃