ᠳᠠᠭᠤᠯᠠᠯ ᠭᠤᠴᠢᠨ ᠨᠠᠢ᠌ᠮᠠ
ᠵᠣᠪᠠᠯᠠᠩᠲᠤ ᠬᠥᠮᠦᠨ ᠦ ᠭᠡᠮᠰᠢᠯ
ᠳ᠋ᠠᠸᠢᠳ᠋ ᠤᠨ ᠳᠤᠷᠠᠰᠬᠠᠯ ᠳᠠᠭᠤᠯᠠᠯ᠃
1 ᠶᠣᠬᠣᠸᠠ᠂ ᠨᠠᠮᠠᠶᠢ ᠠᠭᠤᠷ ᠲᠠᠢ ᠪᠠᠷ ᠪᠦᠦ ᠵᠢᠮᠡᠯᠡᠭᠡᠴᠢ ᠨᠠᠮᠠᠶᠢ ᠬᠢᠯᠢᠩ ᠲᠠᠢ ᠪᠠᠷ ᠪᠦᠦ ᠭᠡᠰᠬᠡᠭᠡᠴᠢ᠃
2 ᠲᠠᠨ ᠤ ᠰᠤᠮᠤ ᠨᠠᠮᠠᠶᠢ ᠰᠦᠯᠪᠡᠪᠡ ᠲᠠᠨ ᠤ ᠨᠢᠳᠤᠷᠭ᠎ᠠ ᠨᠠᠮᠠᠶᠢ ᠨᠤᠬᠤᠴᠢᠨ ᠳᠠᠷᠤᠪᠠ᠃
3 ᠲᠠᠨ ᠤ ᠬᠢᠯᠢᠩ ᠡᠴᠡ ᠪᠣᠯᠵᠤ ᠮᠢᠨᠦ ᠪᠡᠶ᠎ᠡ ᠳᠦ ᠡᠷᠡᠭᠦᠯ ᠭᠠᠵᠠᠷ ᠦᠭᠡᠢ ᠮᠢᠨᠦ ᠨᠢᠭᠦᠯ ᠡᠴᠡ ᠪᠣᠯᠵᠤ ᠶᠠᠰᠤᠨ ᠳᠤ ᠮᠢᠨᠢ ᠠᠮᠠᠷᠠᠯ ᠦᠭᠡᠢ᠃
4 ᠭᠡᠮ ᠪᠤᠷᠤᠭᠤ ᠮᠢᠨᠢ ᠲᠣᠯᠣᠭᠠᠢ ᠠᠴᠠ ᠮᠢᠨᠢ ᠳᠠᠪᠠᠵᠤ ᠬᠦᠨᠳᠦ ᠠᠴᠢᠶ᠎ᠠ ᠮᠡᠲᠦ ᠨᠠᠳᠠ ᠳᠤ ᠬᠦᠨᠳᠦᠳᠡᠵᠦ ᠪᠠᠢᠨ᠎ᠠ᠃
5 ᠰᠢᠷᠬ᠎ᠠ ᠮᠢᠨᠢ ᠢᠲᠡᠭᠡᠯᠡᠵᠦ ᠥᠮᠡᠬᠡᠢ ᠦᠨᠦᠷ ᠬᠠᠩ᠋ᠬᠤᠯᠤᠭᠤᠯᠳᠠᠭ ᠡᠨᠡ ᠪᠦᠭᠦᠳᠡ ᠮᠢᠨᠦ ᠮᠤᠩ᠋ᠬᠠᠭ ᠠᠴᠠ ᠪᠣᠯᠣᠭᠰᠠᠨ᠃
6 ᠪᠢ ᠲᠣᠩ᠋ᠭᠣᠢᠵᠤ ᠪᠦᠷᠢᠮᠦᠰᠦᠨ ᠪᠥᠬᠥᠢᠵᠡᠢ ᠪᠦᠬᠦᠯᠢ ᠡᠳᠦᠷ ᠦᠨ ᠲᠤᠷᠰᠢ ᠪᠢ ᠭᠠᠰᠢᠭᠤᠳᠠᠨ ᠶᠠᠪᠤᠨ᠎ᠠ᠃
7 ᠨᠢᠷᠤᠭᠤ ᠮᠢᠨᠢ ᠬᠠᠯᠠᠭᠤ ᠰᠢᠲᠠᠵᠤ ᠪᠡᠶ᠎ᠡ ᠳᠦ ᠮᠢᠨᠢ ᠡᠷᠡᠭᠦᠯ ᠭᠠᠵᠠᠷ ᠦᠭᠡᠢ᠃
8 ᠪᠢ ᠶᠠᠳᠠᠷᠠᠵᠤ ᠪᠦᠷᠢᠮᠦᠰᠦᠨ ᠪᠢᠴᠠᠷᠠᠵᠠᠢ ᠰᠡᠳᠬᠢᠯ ᠤᠨ ᠢᠶᠠᠨ ᠵᠣᠪᠠᠯᠠᠩ ᠠᠴᠠ ᠪᠣᠯᠵᠤ ᠪᠢ ᠬᠠᠰᠬᠢᠷᠳᠠᠭ᠃
9 ᠡᠵᠡᠨ᠂ ᠪᠦᠬᠦ ᠬᠦᠰᠡᠯ ᠮᠢᠨᠢ ᠲᠠᠨ ᠤ ᠡᠮᠦᠨ᠎ᠡ ᠪᠠᠢᠨ᠎ᠠ ᠰᠡᠭᠦᠷᠡᠰᠦ ᠠᠯᠳᠠᠬᠤ ᠮᠢᠨᠢ ᠲᠠᠨ ᠠᠴᠠ ᠨᠢᠭᠤᠴᠠᠯᠠᠭᠳᠠᠭᠠ ᠦᠭᠡᠢ᠃
10 ᠵᠢᠷᠦᠬᠡ ᠮᠢᠨᠢ ᠳᠠᠪᠴᠢᠳᠠᠵᠤ᠂ ᠴᠢᠳᠠᠯ ᠮᠢᠨᠢ ᠠᠯᠳᠠᠷᠠᠭᠰᠠᠨ ᠨᠢᠳᠦᠨ ᠦ ᠮᠢᠨᠢ ᠭᠠᠯ ᠴᠤ ᠪᠥᠬᠥᠭᠰᠡᠨ᠃
11 ᠡᠪᠡᠳᠴᠢᠨ ᠰᠢᠷᠬ᠎ᠠ ᠠᠴᠠ ᠮᠢᠨᠢ ᠪᠣᠯᠵᠤ ᠬᠠᠨᠢ ᠨᠥᠬᠥᠳ ᠮᠢᠨᠢ ᠬᠥᠨᠳᠡᠢᠷᠡᠨᠡ ᠬᠠᠮᠢᠶᠠᠲᠠᠨ ᠨᠤᠭᠤᠳ ᠮᠢᠨᠢ ᠴᠤ ᠬᠣᠯᠠᠭᠤᠷ ᠵᠣᠭᠰᠣᠳᠠᠭ᠃
12 ᠠᠮᠢ ᠶᠢ ᠮᠢᠨᠢ ᠡᠷᠢᠭ᠍ᠴᠢᠳ ᠤᠷᠠᠬ᠎ᠠ ᠲᠠᠯᠪᠢᠨ᠎ᠠ ᠨᠠᠮᠠᠶᠢ ᠬᠣᠬᠢᠷᠠᠭᠠᠬᠤ ᠭᠡᠭᠴᠢᠳ ᠰᠦᠢᠷᠡᠯ ᠦᠨ ᠮᠢᠨᠢ ᠲᠤᠬᠠᠢ ᠶᠠᠷᠢᠯᠴᠠᠵᠤ ᠡᠳᠦᠷᠵᠢᠨ ᠵᠠᠯᠢ ᠮᠡᠬᠡ ᠰᠡᠳᠦᠨ᠎ᠡ᠃
13 ᠬᠠᠷᠢᠨ ᠪᠢ ᠳᠦᠯᠡᠢ ᠬᠥᠮᠦᠨ ᠰᠢᠭ ᠦᠯᠦ ᠰᠣᠨᠣᠰᠣᠨ᠎ᠠ ᠬᠡᠯᠡ ᠦᠭᠡᠢ ᠬᠥᠮᠦᠨ ᠰᠢᠭ ᠠᠮᠠ ᠪᠠᠨ ᠡᠰᠡ ᠨᠡᠭᠡᠭᠡᠨ᠎ᠡ᠂
14 ᠲᠡᠢᠨ ᠬᠦ ᠪᠢ ᠰᠣᠨᠣᠰᠬᠤ ᠴᠢᠳᠠᠯ ᠦᠭᠡᠢ᠂ ᠬᠠᠷᠢᠭᠤᠯᠬᠤ ᠠᠮᠠ ᠦᠭᠡᠢ ᠬᠥᠮᠦᠨ ᠮᠡᠲᠦ ᠪᠣᠯᠣᠯ᠎ᠠ᠂
15 ᠤᠴᠢᠷ ᠨᠢ᠂ ᠶᠣᠬᠣᠸᠠ᠂ ᠪᠢ ᠲᠠᠨ ᠳᠤ ᠯᠠ ᠨᠠᠢᠳᠠᠳᠠᠭ ᠮᠢᠨᠦ ᠪᠤᠷᠬᠠᠨ ᠶᠣᠬᠣᠸᠠ᠂ ᠲᠠ ᠬᠠᠷᠢᠭᠤᠯᠬᠤ ᠪᠣᠯᠣᠨ᠎ᠠ᠂
16 ᠤᠴᠢᠷ ᠨᠢ ᠪᠢ 《ᠨᠠᠳᠠ ᠠᠴᠠ ᠪᠣᠯᠵᠤ ᠲᠡᠳᠡ ᠪᠦᠦ ᠪᠠᠶᠠᠷᠯᠠᠭ ᠬᠥᠯ ᠠᠯᠳᠠᠬᠤ ᠦᠶ᠎ᠡ ᠳᠦ ᠮᠢᠨᠢ ᠲᠡᠳᠡ ᠮᠢᠨᠦ ᠡᠮᠦᠨ᠎ᠡ ᠪᠦᠦ ᠣᠩᠭᠢᠷᠠᠭ》 ᠭᠡᠵᠦ ᠭᠤᠶᠤᠭᠰᠠᠨ᠂
17 ᠤᠴᠢᠷ ᠨᠢ ᠪᠢ ᠪᠦᠳᠦᠷᠢᠬᠦ ᠰᠢᠬᠠᠵᠤ ᠪᠠᠢᠬᠤ ᠳᠤ ᠡᠪᠡᠳᠴᠢᠨ ᠰᠢᠨᠠᠯᠤᠯ ᠦᠷᠭᠦᠯᠵᠢ ᠮᠢᠨᠦ ᠡᠮᠦᠨ᠎ᠡ ᠪᠠᠢᠳᠠᠭ᠂
18 ᠤᠴᠢᠷ ᠨᠢ ᠪᠢ ᠭᠡᠮ ᠪᠤᠷᠤᠭᠤ ᠪᠠᠨ ᠤᠯᠠᠢᠵᠤ ᠨᠢᠭᠦᠯ ᠡᠴᠡ ᠪᠣᠯᠵᠤ ᠰᠡᠳᠬᠢᠯ ᠡᠪᠡᠳᠴᠦ ᠪᠠᠢᠨ᠎ᠠ᠃
19 ᠬᠠᠷᠢᠨ ᠳᠠᠢᠰᠤᠨ ᠨᠤᠭᠤᠳ ᠮᠢᠨᠢ ᠡᠷᠴᠢ ᠬᠦᠴᠦᠲᠡᠢ᠂ ᠤᠳᠬ᠎ᠠ ᠤᠴᠢᠷ ᠦᠭᠡᠢ ᠪᠠᠷ ᠨᠠᠮᠠᠶᠢ ᠵᠢᠭ᠍ᠰᠢᠭ᠍ᠴᠢᠳ ᠣᠯᠠᠨ᠃
20 ᠲᠡᠳᠡ ᠠᠴᠢ ᠶᠢ ᠪᠠᠴᠢ ᠪᠠᠷ ᠬᠠᠷᠢᠭᠤᠯᠵᠤ ᠪᠠᠢᠨ᠎ᠠ᠂ ᠪᠢ ᠰᠠᠢᠨ ᠢ ᠳᠠᠭᠠᠵᠤ ᠪᠠᠢᠨ᠎ᠠ᠂ ᠲᠡᠳᠡ ᠨᠠᠮᠠᠶᠢ ᠳᠠᠢᠰᠤᠩᠨᠠᠵᠤ ᠪᠠᠢᠨ᠎ᠠ᠂
21 ᠶᠣᠬᠣᠸᠠ᠂ ᠨᠠᠮᠠᠶᠢ ᠪᠦᠦ ᠣᠷᠬᠢᠭᠠᠴᠢ ᠪᠤᠷᠬᠠᠨ ᠮᠢᠨᠢ ᠡ᠂ ᠨᠠᠳᠠ ᠠᠴᠠ ᠪᠦᠦ ᠬᠣᠯᠠᠳᠠᠭᠠᠴᠢ᠃
22 ᠮᠢᠨᠦ ᠠᠪᠤᠷᠠᠭᠴᠢ ᠡᠵᠡᠨ ᠨᠠᠳᠠ ᠳᠤ ᠲᠤᠰᠠᠯᠠᠬᠤ ᠪᠠᠷ ᠬᠤᠷᠳᠤᠯᠠᠭᠠᠴᠢ᠃