1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠠᠷᠪᠠᠨ ᠨᠢᠭᠡ
 ᠵᠥᠪ ᠰᠢᠳᠤᠷᠭᠤ ᠪᠤᠷᠬᠠᠨ ᠳᠤ ᠢᠲᠡᠭᠡᠶ᠎ᠡ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠢ ᠶᠣᠬᠣᠸᠠ ᠳᠣᠲᠣᠷ᠎ᠠ ᠬᠣᠷᠭᠣᠳᠠᠭᠰᠠᠨ ᠪᠠᠢᠬᠤ ᠳᠤ ᠲᠠ ᠨᠠᠷ ᠨᠠᠳᠠ ᠳᠤ ᠶᠠᠭᠠᠬᠢᠨ 《ᠠᠭᠤᠯᠠ ᠤᠷᠤᠭᠤ ᠪᠠᠨ ᠰᠢᠪᠠᠭᠤ ᠰᠢᠭ᠋ ᠵᠢᠭᠤᠲᠠ》 ᠭᠡᠵᠦ᠂
2 《ᠬᠠᠷᠠ᠂ ᠪᠤᠷᠤᠭᠤᠲᠠᠳ ᠨᠤᠮᠤ ᠪᠠᠨ ᠬᠥᠪᠴᠢᠯᠡᠵᠦ ᠰᠤᠮᠤ ᠪᠠᠨ ᠵᠡᠬᠡᠵᠦ ᠬᠠᠷᠠᠩ᠋ᠭᠤᠢ ᠳᠤ ᠴᠢᠭ᠍ᠴᠢ ᠰᠡᠳᠬᠢᠯᠲᠡᠨ ᠤᠷᠤᠭᠤ ᠬᠠᠷᠪᠤᠬᠤ ᠭᠡᠵᠦ ᠪᠠᠢᠨ᠎ᠠ᠂
3 ᠰᠠᠭᠤᠷᠢ ᠨᠤᠭᠤᠳ ᠨᠤᠷᠠᠪᠠᠯ ᠵᠥᠪᠲᠡᠨ ᠴᠤ ᠶᠠᠭᠠᠬᠢᠬᠤ ᠪᠢᠯᠡ︖》 ᠭᠡᠨ᠎ᠡ ᠪᠤᠢ︖

4 ᠶᠣᠬᠣᠸᠠ ᠠᠷᠢᠭᠤᠨ ᠣᠷᠳᠣᠨ ᠳᠠᠭᠠᠨ᠂ ᠶᠣᠬᠣᠸᠠ ᠲᠩᠷᠢ ᠶᠢᠨ ᠰᠡᠨᠲᠢ ᠳᠡᠭᠡᠨ ᠪᠠᠢᠨ᠎ᠠ ᠲᠡᠭᠦᠨ ᠦ ᠮᠡᠯᠮᠡᠢ ᠠᠵᠢᠭᠯᠠᠵᠤ ᠪᠠᠢᠨ᠎ᠠ ᠲᠡᠭᠦᠨ ᠦ ᠨᠢᠳᠦ ᠬᠥᠮᠦᠨ ᠦ ᠬᠥᠪᠡᠭᠦᠳ ᠢ ᠰᠢᠯᠭᠠᠵᠤ ᠪᠠᠢᠨ᠎ᠠ᠂
5 ᠶᠣᠬᠣᠸᠠ ᠵᠥᠪᠲᠡᠨ ᠢ ᠰᠢᠯᠭᠠᠨ᠎ᠠ ᠪᠤᠷᠤᠭᠤᠲᠠᠨ ᠢ᠂ ᠬᠦᠴᠦᠷᠬᠡᠭᠯᠡᠯ ᠢ ᠬᠠᠢᠷᠠᠯᠠᠭᠴᠢ ᠶᠢ ᠵᠢᠭ᠍ᠰᠢᠨ᠎ᠡ᠂
6 ᠨᠡᠭᠦᠷᠡᠰᠦ ᠶᠢ ᠪᠤᠷᠤᠭᠤᠲᠠᠳ ᠤᠨ ᠳᠡᠭᠡᠷ᠎ᠡ ᠪᠣᠷᠣᠭ᠎ᠠ ᠮᠡᠲᠦ ᠪᠠᠭᠤᠯᠭᠠᠨ᠎ᠠ᠂ ᠭᠠᠯ᠂ ᠬᠦᠬᠦᠷ᠂ ᠰᠢᠲᠠᠭᠠᠮ᠎ᠠ ᠰᠠᠯᠬᠢ ᠲᠡᠳᠡᠨ ᠦ ᠠᠶᠠᠭᠠᠨ ᠤ ᠬᠤᠪᠢ ᠪᠣᠯᠣᠨ᠎ᠠ᠃
7 ᠶᠣᠬᠣᠸᠠ ᠰᠢᠳᠤᠷᠭᠤ᠂ ᠲᠡᠷᠡ ᠰᠢᠳᠤᠷᠭᠤ ᠶᠢ ᠬᠠᠢᠷᠠᠯᠠᠳᠠᠭ᠂ ᠴᠢᠭ᠍ᠴᠢ ᠬᠥᠮᠦᠨ ᠲᠡᠭᠦᠨ ᠦ ᠴᠢᠷᠠᠢ ᠶᠢ ᠬᠠᠷᠠᠬᠤ ᠪᠣᠯᠣᠨ᠎ᠠ᠃