ᠳᠠᠭᠤᠯᠠᠯ ᠬᠣᠷᠢᠨ ᠬᠣᠶᠠᠷ
ᠵᠥᠪᠲᠡᠨ ᠳᠦ ᠢᠷᠡᠬᠦ ᠵᠣᠪᠠᠯᠠᠩ ᠪᠠ ᠵᠥᠪᠲᠥᠭᠡᠯ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ 《ᠦᠷ ᠦᠨ ᠰᠣᠭᠣ》 ᠶᠢᠨ ᠠᠶ᠎ᠠ ᠳᠡᠭᠡᠷ᠎ᠡ᠃
1 ᠪᠤᠷᠬᠠᠨ ᠮᠢᠨᠢ᠂ ᠪᠤᠷᠬᠠᠨ ᠮᠢᠨᠢ᠂ ᠶᠠᠭᠤᠨ ᠳᠤ ᠲᠠ ᠨᠠᠮᠠᠶᠢ ᠣᠷᠬᠢᠪᠠ︖ ᠶᠠᠭᠤᠨ ᠳᠤ ᠨᠠᠮᠠᠶᠢ ᠠᠪᠤᠷᠠᠯ ᠦᠭᠡᠢ ᠬᠣᠯᠠ ᠪᠠᠢᠵᠤ᠂ ᠶᠣᠣᠯᠠᠬᠤ ᠳᠠᠭᠤ ᠠᠴᠠ ᠮᠢᠨᠢ ᠬᠣᠯᠠ ᠪᠠᠢᠨ᠎ᠠ ᠪᠤᠢ︖
2 ᠪᠤᠷᠬᠠᠨ ᠮᠢᠨᠢ ᠡ᠂ ᠪᠢ ᠡᠳᠦᠷ ᠢᠶᠡᠷ ᠬᠠᠰᠬᠢᠷᠳᠠᠭ ᠪᠣᠯᠪᠠᠴᠤ ᠲᠠᠨ ᠤ ᠬᠠᠷᠢᠭᠤ ᠠᠯᠠᠭ᠎ᠠ ᠰᠥᠨᠢ ᠪᠠᠷ ᠬᠠᠰᠬᠢᠷᠳᠠᠭ ᠪᠣᠯᠪᠠᠴᠤ ᠨᠠᠳᠠ ᠳᠤ ᠠᠮᠠᠷᠠᠯ ᠪᠠᠢᠬᠤ ᠦᠭᠡᠢ᠂
3 ᠬᠠᠷᠢᠨ ᠲᠠ ᠪᠣᠯ ᠠᠷᠢᠭᠤᠨ ᠢᠰᠷᠧᠯ ᠤᠨ ᠮᠠᠭᠲᠠᠭᠠᠯ ᠳᠡᠭᠡᠷ᠎ᠡ ᠵᠠᠯᠠᠷᠠᠭᠴᠢ ᠶᠤᠮ᠂
4 ᠡᠴᠢᠭᠡ ᠡᠪᠦᠭᠡᠳ ᠮᠢᠨᠢ ᠲᠠᠨ ᠳᠤ ᠢᠲᠡᠭᠡᠭᠰᠡᠨ ᠲᠡᠳᠡ ᠢᠲᠡᠭᠡᠭᠰᠡᠨ ᠢᠶᠡᠷ ᠲᠠ ᠠᠪᠤᠷᠠᠭᠰᠠᠨ᠃
5 ᠲᠠᠨ ᠤᠷᠤᠭᠤ ᠬᠠᠰᠬᠢᠷᠤᠭᠰᠠᠨ ᠢᠶᠠᠷ ᠲᠡᠳᠡ ᠠᠪᠤᠷᠠᠭᠳᠠᠭᠰᠠᠨ ᠲᠠᠨ ᠳᠤ ᠢᠲᠡᠭᠡᠭᠰᠡᠨ ᠢᠶᠡᠷ ᠲᠡᠳᠡ ᠢᠴᠢᠭᠦᠷᠢ ᠳᠤ ᠤᠨᠠᠭᠰᠠᠨ ᠦᠭᠡᠢ᠃
6 ᠬᠠᠷᠢᠨ ᠪᠢ ᠪᠣᠯ ᠥᠲᠥ᠂ ᠬᠥᠮᠦᠨ ᠪᠢᠰᠢ︕ ᠪᠢ ᠬᠥᠮᠦᠨ ᠦ ᠡᠯᠡᠭ᠂ ᠣᠯᠠᠨ ᠤ ᠳᠣᠭᠣᠭᠢ ᠪᠣᠯᠵᠠᠢ᠃
7 ᠬᠠᠷᠠᠳᠠᠭ ᠪᠦᠬᠦᠨ ᠨᠠᠮᠠᠶᠢ ᠳᠣᠷᠣᠮᠵᠢᠯᠠᠳᠠᠭ ᠣᠷᠣᠭᠤᠯ ᠢᠶᠠᠨ ᠢᠷᠪᠠᠢᠵᠤ ᠲᠣᠯᠣᠭᠠᠢ ᠰᠡᠭᠰᠦᠷᠦᠨ
8 《ᠲᠡᠷᠡ ᠶᠣᠬᠣᠸᠠ ᠳᠤ ᠢᠲᠡᠭᠡᠳᠡᠭ᠂ ᠲᠡᠷᠡ ᠲᠡᠭᠦᠨ ᠢ ᠠᠪᠤᠷᠠᠭ︕ ᠲᠠᠭᠠᠯᠠᠳᠠᠭ ᠨᠢᠭᠡᠨ ᠢᠶᠡᠨ ᠲᠡᠷᠡ ᠴᠢᠯᠥᠭᠡᠯᠡᠭ︕》 ᠭᠡᠨ᠎ᠡ᠃
9 ᠭᠡᠪᠡᠴᠦ ᠨᠠᠮᠠᠶᠢ ᠡᠬᠡ ᠶᠢᠨ ᠬᠡᠪᠡᠯᠢ ᠡᠴᠡ ᠭᠠᠷᠭᠠᠭᠰᠠᠨ ᠨᠢ ᠲᠠ ᠪᠢᠯᠡ᠂ ᠡᠬᠡ ᠶᠢᠨ ᠢᠶᠠᠨ ᠬᠥᠬᠥᠨ ᠳᠡᠭᠡᠷ᠎ᠡ ᠪᠠᠢᠬᠤ ᠳᠤ ᠮᠢᠨᠢ ᠲᠠ ᠨᠠᠮᠠᠶᠢ ᠢᠲᠡᠭᠡᠭᠦᠯᠦᠭᠰᠡᠨ᠃
10 ᠪᠢ ᠲᠥᠷᠥᠬᠦ ᠡᠴᠡ ᠪᠡᠨ ᠲᠠᠨ ᠳᠤ ᠳᠠᠭᠠᠳᠬᠠᠭᠳᠠᠭᠰᠠᠨ ᠡᠬᠡ ᠶᠢᠨ ᠢᠶᠠᠨ ᠬᠡᠪᠡᠯᠢ ᠳᠤ ᠪᠠᠢᠬᠤ ᠦᠶ᠎ᠡ ᠡᠴᠡ ᠮᠢᠨᠢ ᠲᠠ ᠮᠢᠨᠦ ᠪᠤᠷᠬᠠᠨ ᠪᠠᠢᠭᠰᠠᠨ᠃
11 ᠨᠠᠳᠠ ᠠᠴᠠ ᠪᠦᠦ ᠬᠣᠯᠠᠳᠠᠭᠠᠴᠢ ᠵᠣᠪᠠᠯᠠᠩ ᠣᠢᠷᠠᠬᠠᠨ ᠪᠠᠢᠨ᠎ᠠ ᠲᠤᠰᠠᠯᠠᠬᠤ ᠬᠥᠮᠦᠨ ᠠᠯᠠᠭ᠎ᠠ᠂
12 ᠣᠯᠠᠨ ᠦᠬᠡᠷ ᠨᠠᠮᠠᠶᠢ ᠬᠦᠷᠢᠶᠡᠯᠡᠪᠡ ᠪᠠᠱᠠᠨ ᠤ ᠬᠦᠴᠦᠲᠦ ᠪᠤᠬ᠎ᠠ ᠨᠠᠮᠠᠶᠢ ᠪᠦᠰᠡᠯᠡᠪᠡ᠃
13 ᠠᠷᠰᠯᠠᠨ ᠬᠠᠤ ᠲᠠᠲᠠᠬᠤ ᠪᠠᠷ ᠠᠷᠬᠢᠷᠠᠨ ᠪᠠᠢᠭ᠎ᠠ ᠰᠢᠭ᠋ ᠨᠠᠳᠠ ᠤᠷᠤᠭᠤ ᠲᠡᠳᠡ ᠠᠮᠠ ᠪᠠᠨ ᠲᠣᠮᠣ ᠠᠩ᠋ᠭᠠᠢᠯᠭᠠᠵᠤ ᠪᠠᠢᠨ᠎ᠠ᠂
14 ᠠᠮᠢ ᠮᠢᠨᠢ ᠤᠰᠤ ᠰᠢᠭ᠋ ᠠᠰᠬᠠᠭᠳᠠᠪᠠ ᠪᠦᠬᠦ ᠶᠠᠰᠤ ᠮᠢᠨᠢ ᠮᠤᠯᠲᠤᠷᠠᠪᠠ ᠵᠢᠷᠦᠬᠡ ᠮᠢᠨᠢ ᠯᠠ ᠶᠢᠨ ᠲᠣᠰᠣ ᠠᠳᠠᠯᠢ ᠬᠡᠩᠬᠦᠳᠡᠭ ᠳᠣᠲᠣᠷ᠎ᠠ ᠮᠢᠨᠢ ᠬᠠᠢᠯᠪᠠ᠃
15 ᠬᠦᠴᠦ ᠮᠢᠨᠢ ᠱᠠᠵᠠᠩ ᠤᠨ ᠬᠡᠯᠲᠡᠷᠬᠡᠢ ᠰᠢᠭ ᠬᠠᠲᠠᠵᠤ ᠬᠡᠯᠡ ᠮᠢᠨᠢ ᠡᠷᠡᠦ ᠳᠡᠭᠡᠨ ᠨᠠᠭᠠᠯᠳᠤᠪᠠ ᠲᠠ ᠨᠠᠮᠠᠶᠢ ᠦᠬᠦᠯ ᠦᠨ ᠰᠢᠷᠣᠢ ᠳᠤ ᠲᠠᠯᠪᠢᠵᠠᠢ᠃
16 ᠨᠠᠮᠠᠶᠢ ᠨᠣᠬᠠᠳ ᠬᠦᠷᠢᠶᠡᠯᠡᠵᠦ ᠪᠦᠯᠦᠭ ᠮᠠᠭᠤ ᠬᠥᠮᠦᠰ ᠪᠦᠰᠡᠯᠡᠵᠦ ᠭᠠᠷ᠂ ᠬᠥᠯ ᠢ ᠮᠢᠨᠢ ᠨᠡᠪᠲᠡ ᠬᠠᠳᠬᠤᠪᠠ᠂
17 ᠪᠢ ᠬᠠᠮᠤᠭ ᠶᠠᠰᠤ ᠪᠠᠨ ᠲᠣᠭᠠᠯᠠᠵᠤ ᠴᠢᠳᠠᠨ᠎ᠠ᠂ ᠲᠡᠳᠡ ᠨᠠᠳᠠ ᠤᠷᠤᠭᠤ ᠭᠥᠯᠢᠷᠡᠨ ᠰᠢᠷᠲᠡᠨ᠎ᠡ᠂
18 ᠭᠠᠳᠠᠭᠤᠷ ᠬᠤᠪᠴᠠᠰᠤ ᠶᠢ ᠮᠢᠨᠢ ᠬᠤᠪᠢᠶᠠᠨ ᠠᠪᠴᠤ ᠳᠣᠲᠣᠷ ᠬᠤᠪᠴᠠᠰᠤᠨ ᠤ ᠮᠢᠨᠢ ᠲᠥᠯᠥᠭᠡ ᠰᠢᠪᠠᠭᠠᠳᠠᠨᠠ᠃
19 ᠥ ᠶᠣᠬᠣᠸᠠ᠂ ᠲᠠ ᠪᠦᠦ ᠬᠣᠯᠠᠳᠠᠭᠠᠴᠢ ᠮᠢᠨᠦ ᠬᠦᠴᠦ ᠪᠣᠯᠳᠠᠭ ᠲᠠ ᠨᠠᠳᠠ ᠳᠤ ᠲᠤᠰᠠᠯᠠᠬᠤ ᠪᠠᠷ ᠬᠤᠷᠳᠤᠯᠠᠭᠠᠴᠢ᠂
20 ᠠᠮᠢ ᠶᠢ ᠮᠢᠨᠢ ᠢᠯᠳᠦᠨ ᠡᠴᠡ ᠴᠣᠷ ᠤᠨ ᠭᠠᠭᠴᠠ ᠶᠢ ᠮᠢᠨᠢ ᠨᠣᠬᠠᠢ ᠶᠢᠨ ᠰᠠᠪᠠᠷ ᠠᠴᠠ ᠴᠢᠯᠥᠭᠡᠯᠡᠭᠡᠴᠢ᠂
21 ᠨᠠᠮᠠᠶᠢ ᠠᠷᠰᠯᠠᠨ ᠤ ᠠᠮᠠᠨ ᠠᠴᠠ ᠵᠡᠷᠯᠢᠭ ᠦᠬᠡᠷ ᠦᠨ ᠡᠪᠡᠷ ᠡᠴᠡ ᠠᠪᠤᠷᠠᠭᠠᠴᠢ︕ ᠲᠠ ᠨᠠᠳᠠ ᠳᠤ ᠬᠠᠷᠢᠭᠤᠯᠵᠠᠢ︕
22 ᠪᠢ ᠲᠠᠨ ᠤ ᠨᠡᠷ᠎ᠡ ᠶᠢ ᠠᠬ᠎ᠠ ᠳᠡᠭᠦᠦᠰ ᠲᠡᠭᠡᠨ ᠲᠤᠩ᠋ᠬᠠᠭᠯᠠᠨ᠎ᠠ᠂ ᠲᠠᠨ ᠢ ᠴᠢᠭᠤᠯᠭᠠᠨ ᠤ ᠳᠤᠮᠳᠠ ᠮᠠᠭᠲᠠᠨ᠎ᠠ
23 ᠶᠣᠬᠣᠸᠠ ᠠᠴᠠ ᠡᠮᠢᠶᠡᠭᠴᠢᠳ ᠡ᠂ ᠲᠡᠭᠦᠨ ᠢ ᠮᠠᠭᠲᠠ ᠶᠠᠺᠣᠪ ᠤᠨ ᠦᠷ᠎ᠡ ᠤᠳᠤᠮ ᠲᠠ ᠪᠦᠭᠦᠳᠡ ᠲᠡᠭᠦᠨ ᠢ ᠠᠯᠳᠠᠷᠰᠢᠭᠤᠯ ᠢᠰᠷᠧᠯ ᠤᠨ ᠦᠷ᠎ᠡ ᠤᠳᠤᠮ ᠪᠣᠯᠬᠤ ᠲᠠ ᠪᠦᠭᠦᠳᠡ ᠲᠡᠭᠦᠨ ᠡᠴᠡ ᠡᠮᠢᠶᠡ᠃
24 ᠤᠴᠢᠷ ᠨᠢ ᠵᠣᠪᠠᠭᠴᠢ ᠶᠢᠨ ᠵᠣᠪᠠᠯᠠᠩ ᠢ ᠲᠡᠷᠡ ᠵᠢᠪᠡᠭᠦᠴᠡᠭᠡ ᠦᠭᠡᠢ᠂ ᠵᠢᠭᠰᠢᠭᠡ ᠦᠭᠡᠢ ᠨᠢᠭᠤᠷ ᠢᠶᠠᠨ ᠲᠡᠭᠦᠨ ᠡᠴᠡ ᠨᠢᠭᠤᠭᠠ ᠦᠭᠡᠢ ᠥᠪᠡᠷ ᠤᠷᠤᠭᠤ ᠨᠢ ᠬᠠᠰᠬᠢᠷᠬᠤ ᠳᠤ᠂ ᠲᠡᠷᠡ ᠰᠣᠨᠣᠰᠣᠭᠰᠠᠨ ᠶᠤᠮ᠃
25 ᠶᠡᠬᠡ ᠴᠢᠭᠤᠯᠭᠠᠨ ᠤ ᠳᠤᠮᠳᠠ ᠡᠷᠭᠦᠬᠦ ᠮᠠᠭᠲᠠᠭᠠᠯ ᠮᠢᠨᠢ ᠲᠠᠨ ᠠᠴᠠ ᠢᠷᠡᠭᠰᠡᠨ ᠲᠠᠨ ᠠᠴᠠ ᠡᠮᠢᠶᠡᠭᠴᠢᠳ ᠤᠨ ᠡᠮᠦᠨ᠎ᠡ ᠪᠢ ᠲᠠᠩ᠋ᠭᠠᠷᠢᠭ ᠢᠶᠠᠨ ᠪᠡᠶᠡᠯᠡᠭᠦᠯᠦᠨ᠎ᠡ᠃
26 ᠶᠠᠳᠠᠭᠤᠴᠤᠳ ᠢᠳᠡᠵᠦ᠂ ᠴᠠᠳᠤᠨ᠎ᠠ ᠶᠣᠬᠣᠸᠠ ᠶᠢ ᠬᠠᠢᠭᠴᠢᠳ ᠲᠡᠭᠦᠨ ᠢ ᠮᠠᠭᠲᠠᠨ᠎ᠠ᠂ ᠲᠠ ᠨᠠᠷ ᠤᠨ ᠰᠡᠳᠬᠢᠯ ᠢᠮᠠᠭᠲᠠ ᠬᠠᠩ᠋ᠭᠠᠯᠤᠭᠤᠨ ᠪᠠᠢᠬᠤ ᠪᠣᠯᠲᠤᠭᠠᠢ︕
27 ᠳᠡᠯᠡᠬᠡᠢ ᠶᠢᠨ ᠪᠦᠬᠦ ᠬᠢᠵᠠᠭᠠᠷ ᠶᠣᠬᠣᠸᠠ ᠶᠢ ᠰᠠᠨᠠᠵᠤ᠂ ᠲᠡᠭᠦᠨ ᠤᠷᠤᠭᠤ ᠡᠷᠭᠢᠭ ᠦᠨᠳᠦᠰᠦᠲᠡᠨ ᠨᠦᠭᠦᠳ ᠦᠨ ᠪᠦᠬᠦ ᠪᠦᠯᠢ ᠲᠠᠨ ᠤ ᠡᠮᠦᠨ᠎ᠡ ᠮᠥᠷᠭᠥᠭ᠃
28 ᠤᠴᠢᠷ ᠨᠢ ᠬᠠᠭᠠᠨᠴᠢᠯᠠᠯ ᠪᠣᠯ ᠶᠣᠬᠣᠸᠠ ᠶᠢᠨ ᠬᠢ ᠤᠯᠤᠰ ᠦᠨᠳᠦᠰᠦᠲᠡᠨ ᠨᠦᠭᠦᠳ ᠦᠨ ᠵᠠᠬᠢᠷᠤᠭᠴᠢ ᠨᠢ ᠲᠡᠷᠡ᠃
29 ᠳᠡᠯᠡᠬᠡᠢ ᠶᠢᠨ ᠪᠠᠶᠠᠴᠤᠳ ᠪᠦᠭᠦᠳᠡᠭᠡᠷ ᠢᠶᠡᠨ ᠢᠳᠡᠵᠦ᠂ ᠪᠠᠰᠠ ᠮᠥᠷᠭᠥᠭ ᠠᠮᠢ ᠪᠠᠨ ᠬᠠᠮᠠᠭᠠᠯᠠᠬᠤ ᠴᠢᠳᠠᠯ ᠦᠭᠡᠢ ᠰᠢᠷᠣᠢ ᠤᠷᠤᠭᠤ ᠤᠷᠤᠭᠤᠳᠠᠬᠤ ᠪᠦᠭᠦᠳᠡ ᠲᠡᠭᠦᠨ ᠦ ᠡᠮᠦᠨ᠎ᠡ ᠰᠥᠭᠥᠳᠥᠭ᠃
30 ᠦᠷ᠎ᠡ ᠤᠳᠤᠮ ᠮᠢᠨᠢ ᠲᠡᠭᠦᠨ ᠳᠦ ᠦᠢᠯᠡᠴᠢᠯᠡᠵᠦ ᠢᠷᠡᠬᠦ ᠦᠶ᠎ᠡ ᠶᠢᠨ ᠬᠢᠨ ᠳᠡᠭᠡᠨ ᠶᠣᠬᠣᠸᠠ ᠶᠢᠨ ᠲᠤᠬᠠᠢ ᠶᠠᠷᠢᠭ᠂
31 ᠲᠡᠭᠦᠨ ᠦ ᠦᠢᠯᠡᠳᠦᠭᠰᠡᠨ ᠢ᠂ ᠲᠡᠭᠦᠨ ᠦ ᠵᠥᠪ ᠢ ᠲᠥᠷᠥᠭᠡ ᠦᠭᠡᠢ ᠲᠡᠷᠡ ᠬᠥᠮᠦᠰ ᠲᠦ ᠲᠡᠳᠡ ᠢᠷᠡᠵᠦ ᠲᠤᠩ᠋ᠬᠠᠭᠯᠠᠭ᠃