1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠴᠢᠨ ᠨᠢᠭᠡ
 ᠡᠪᠡᠳᠴᠢᠲᠡᠨ ᠤ ᠭᠤᠶᠤᠯᠲᠠ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠠᠭᠤᠷᠠᠢ ᠬᠥᠮᠦᠨ ᠢ ᠬᠠᠯᠠᠮᠵᠢᠯᠠᠭᠴᠢ ᠨᠢ ᠪᠤᠶᠠᠨ ᠲᠠᠢ︕ ᠪᠡᠷᠬᠡ ᠡᠳᠦᠷ ᠲᠦ ᠶᠣᠬᠣᠸᠠ ᠲᠡᠭᠦᠨ ᠢ ᠠᠪᠤᠷᠠᠨ᠎ᠠ᠂
2 ᠶᠣᠬᠣᠸᠠ ᠲᠡᠭᠦᠨ ᠢ ᠬᠠᠮᠠᠭᠠᠯᠠᠨ᠂ ᠠᠮᠢᠳᠤᠷᠠᠭᠤᠯᠤᠨ᠎ᠠ ᠲᠡᠭᠦᠨ ᠢ ᠭᠠᠵᠠᠷ ᠳᠡᠭᠡᠷ᠎ᠡ ᠪᠤᠶᠠᠨ ᠲᠠᠢ ᠪᠠᠢᠯᠭᠠᠵᠤ ᠳᠠᠢᠰᠤᠨ ᠤ ᠬᠢᠨᠢ ᠬᠦᠰᠡᠯ ᠳᠦ ᠲᠤᠰᠢᠶᠠᠬᠤ ᠦᠭᠡᠢ᠂
3 ᠡᠪᠡᠳᠴᠢᠲᠡᠨ ᠦ ᠣᠷᠣ ᠳᠡᠭᠡᠷ᠎ᠡ ᠪᠠᠢᠬᠤ ᠳᠤᠨᠢ ᠶᠣᠬᠣᠸᠠ ᠲᠡᠭᠦᠨ ᠢ ᠲᠦᠰᠢᠵᠦ ᠡᠪᠡᠳᠴᠢᠲᠡᠨ ᠦ ᠬᠡᠪᠲᠡᠷᠢ ᠡᠴᠡ ᠨᠢ ᠪᠦᠷᠢᠮᠦᠰᠦᠨ ᠡᠷᠭᠢᠭᠦᠯᠦᠨ᠎ᠡ᠃

4 ᠪᠢ 《ᠶᠣᠬᠣᠸᠠ᠂ ᠨᠠᠮᠠᠶᠢ ᠡᠨᠡᠷᠢᠨ ᠡᠳᠡᠭᠡᠭᠡᠭᠡᠴᠢ ᠪᠢ ᠲᠠᠨ ᠳᠤ ᠨᠢᠭᠦᠯ ᠦᠢᠯᠡᠳᠦᠭᠰᠡᠨ》 ᠭᠡᠵᠦ ᠬᠡᠯᠡᠪᠡ᠂
5 ᠬᠠᠷᠢᠨ ᠳᠠᠢᠰᠤᠨ ᠨᠤᠭᠤᠳ ᠮᠢᠨᠢ ᠨᠠᠮᠠᠶᠢ ᠮᠠᠭᠤᠯᠠᠨ 《ᠲᠡᠷᠡ ᠬᠡᠵᠢᠶ᠎ᠡ ᠦᠬᠦᠵᠦ᠂ ᠨᠡᠷ᠎ᠡ ᠨᠢ ᠦᠭᠡᠢ ᠪᠣᠯᠬᠤ ᠪᠤᠢ︖》 ᠭᠡᠵᠡᠭᠡᠵᠦ ᠪᠠᠢᠨ᠎ᠠ᠃
6 ᠲᠡᠳᠡ ᠨᠠᠮᠠᠶᠢ ᠦᠵᠡᠬᠦ ᠪᠡᠷ ᠢᠷᠡᠭᠡᠳ ᠬᠣᠭᠣᠰᠣᠨ ᠢ ᠶᠠᠷᠢᠵᠤ ᠪᠠᠢᠨ᠎ᠠ᠂ ᠢᠩᠭᠢᠭᠡᠳ ᠬᠣᠷᠣᠨ ᠮᠠᠭᠤ ᠶᠢ ᠡᠪᠦᠷᠯᠡᠵᠦ ᠭᠠᠳᠠᠭᠰᠢ ᠭᠠᠷᠬᠤ ᠳᠠᠭᠠᠨ ᠲᠡᠭᠦᠨ ᠢ ᠪᠠᠨ ᠲᠠᠷᠬᠠᠭᠠᠵᠤ ᠪᠠᠢᠨ᠎ᠠ᠃
7 ᠨᠠᠮᠠᠶᠢ ᠦᠵᠡᠨ ᠶᠠᠳᠠᠭᠴᠢ ᠪᠦᠬᠦᠨ ᠮᠢᠨᠦ ᠲᠤᠬᠠᠢ ᠰᠢᠪᠡᠨᠡᠯᠳᠦᠵᠦ ᠪᠠᠢᠨ᠎ᠠ ᠨᠠᠮᠠᠶᠢ ᠬᠣᠣᠷᠯᠠᠬᠤ ᠪᠠᠷ ᠬᠤᠤᠪᠢᠯᠳᠤᠨ
8 《ᠲᠡᠭᠦᠨ ᠳᠦ ᠬᠣᠣᠷᠲᠤ ᠡᠪᠡᠳᠴᠢᠨ ᠲᠤᠰᠤᠭᠰᠠᠨ ᠬᠡᠪᠲᠡᠭᠰᠡᠨ ᠭᠠᠵᠠᠷ ᠠᠴᠠ ᠪᠠᠨ ᠳᠠᠬᠢᠨ ᠪᠣᠰᠴᠤ ᠴᠢᠳᠠᠬᠤ ᠦᠭᠡᠢ ᠨᠢ》 ᠭᠡᠨ᠎ᠡ᠃
9 ᠮᠢᠨᠦ ᠪᠣᠣᠪᠣ ᠠᠴᠠ ᠢᠳᠡᠵᠦ ᠪᠠᠢᠭᠰᠠᠨ ᠮᠢᠨᠦ ᠳᠣᠲᠣᠨᠣᠴᠢᠯᠠᠵᠤ ᠢᠲᠡᠭᠡᠵᠦ ᠪᠠᠢᠭᠰᠠᠨ ᠬᠥᠮᠦᠨ ᠴᠤ ᠮᠢᠨᠦ ᠥᠭᠡᠳᠡ ᠡᠴᠡ ᠢᠰᠭᠦᠯᠪᠡ᠃

10 ᠶᠣᠬᠣᠸᠠ᠂ ᠲᠠ ᠨᠠᠮᠠᠶᠢ ᠡᠨᠡᠷᠢᠨ ᠪᠣᠰᠬᠠᠨ᠎ᠠ ᠤᠤ︖ ᠲᠡᠭᠡᠪᠡᠯ ᠪᠢ ᠲᠡᠳᠡᠨ ᠳᠦ ᠬᠠᠷᠢᠭᠤ ᠶᠢ ᠨᠢ ᠥᠭᠭᠥᠨ᠎ᠡ
11 ᠥᠰᠲᠡᠨ ᠮᠢᠨᠢ ᠮᠢᠨᠦ ᠳᠡᠭᠡᠷ᠎ᠡ ᠤᠤᠬᠠᠢᠯᠠᠬᠤ ᠪᠠᠨ ᠪᠣᠯᠢᠵᠤ ᠡᠭᠦᠨ ᠢᠶᠡᠷ ᠪᠢ ᠨᠠᠮᠠᠶᠢ ᠲᠠᠭᠠᠯᠠᠳᠠᠭ ᠢ ᠲᠠᠨᠢ ᠮᠡᠳᠡᠨ᠎ᠡ᠃
12 ᠥ ᠰᠡᠪ ᠦᠭᠡᠢ ᠪᠠᠢᠬᠤ ᠳᠤ ᠮᠢᠨᠢ ᠲᠠ ᠨᠠᠮᠠᠶᠢ ᠲᠦᠰᠢᠵᠦ ᠥᠪᠡᠷ ᠦᠨ ᠢᠶᠠᠨ ᠮᠥᠩᠬᠡ ᠶᠢᠨ ᠣᠷᠣᠰᠢᠬᠤᠢ ᠳᠤ ᠨᠠᠮᠠᠶᠢ ᠪᠠᠢᠯᠭᠠᠳᠠᠭ ᠶᠤᠮ᠃

13 ᠢᠰᠷᠧᠯ ᠤᠨ ᠪᠤᠷᠬᠠᠨ ᠶᠣᠬᠣᠸᠠ ᠮᠥᠩᠬᠡ ᠶᠢᠨ ᠮᠥᠩᠬᠡᠳᠡ ᠮᠠᠭᠲᠠᠭᠳᠠᠬᠤ ᠪᠣᠯᠲᠤᠭᠠᠢ︕ ᠠᠮᠧᠨ᠂ ᠠᠮᠧᠨ᠃