1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠠ
 ᠢᠯᠠᠯᠲᠠ ᠶᠢᠨ ᠲᠥᠯᠥᠭᠡᠬᠢ ᠭᠤᠶᠤᠯᠲᠠ
 ᠳ᠋ᠠᠸᠢᠳ᠋ ᠤᠨ ᠮᠢᠺᠲᠠᠮ᠂ ᠰᠤᠷᠭᠠᠯ ᠳᠤ ᠵᠣᠷᠢᠭᠤᠯᠪᠠ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠭᠡᠷ᠎ᠡ ᠲᠠᠢ ᠰᠠᠷᠠᠨ᠎ᠠ》 ᠶᠢᠨ ᠠᠶ᠎ᠠ ᠳᠡᠭᠡᠷ᠎ᠡ᠃ ᠳ᠋ᠠᠸᠢᠳ᠋ ᠠᠷᠠᠮ ᠨᠠᠬᠠᠷᠠᠢᠮ\f + \fr 60:0 \ft ᠪᠠᠷᠠᠭᠤᠨ ᠬᠣᠢᠨ᠎ᠠ ᠮᠧᠰᠣᠫᠣᠲ᠋ᠠᠮᠢᠶ᠎ᠠ᠃\f* ᠪᠣᠯᠣᠨ ᠠᠷᠠᠮ ᠽᠣᠪᠠ\f + \fr 60:0 \ft ᠳ᠋ᠠᠮᠠᠰᠺᠦ᠋ᠰ ᠤᠨ ᠵᠡᠭᠦᠨ ᠬᠣᠢᠨ᠎ᠠ ᠲᠠᠯ᠎ᠠ ᠶᠢᠨ ᠨᠤᠲᠤᠭ᠃\f* ᠶᠢᠨ ᠬᠢᠨ ᠲᠠᠢ ᠳᠠᠢᠲᠤᠬᠤ ᠳᠤ᠂ ᠶᠣᠶᠠᠪ ᠳᠠᠪᠤᠰᠤᠲᠤ ᠬᠥᠨᠳᠡᠢ ᠳᠦ ᠪᠤᠴᠠᠨ ᠣᠴᠢᠵᠤ ᠡᠳᠣᠮ ᠤᠨ ᠲᠦᠮᠡ ᠬᠣᠶᠠᠷ ᠮᠢᠩ᠋ᠭᠠᠨ ᠬᠥᠮᠦᠨ ᠢ ᠴᠣᠬᠢᠭᠰᠠᠨ ᠦᠶ᠎ᠡ ᠳᠦ᠃

1 ᠪᠤᠷᠬᠠᠨ᠂ ᠲᠠ ᠪᠢᠳᠡᠨ ᠢ ᠣᠭᠣᠷᠴᠤ ᠪᠢᠳᠡᠨ ᠢ ᠴᠣᠬᠢᠵᠤ᠂ ᠬᠢᠯᠢᠩᠨᠡᠪᠡ᠂ ᠣᠳᠣ ᠪᠢᠳᠡᠨ ᠢ ᠰᠡᠷᠭᠦᠭᠡᠭᠡᠴᠢ᠃
2 ᠲᠠ ᠭᠠᠵᠠᠷ ᠢ ᠳᠣᠷᠭᠢᠭᠤᠯᠵᠤ᠂ ᠬᠠᠭᠠᠯᠪᠠ ᠭᠠᠵᠠᠷ ᠬᠥᠳᠡᠯᠦᠭᠰᠡᠨ᠂ ᠭᠠᠪᠠ ᠶᠢ ᠨᠢ ᠪᠥᠭᠯᠡᠭᠡᠴᠢ᠃
3 ᠲᠠ ᠠᠷᠠᠳ ᠲᠦᠮᠡᠨ ᠳᠡᠭᠡᠨ ᠬᠠᠲᠠᠭᠤ ᠶᠢ ᠦᠵᠡᠭᠦᠯᠵᠡᠢ᠂ ᠲᠠ ᠪᠢᠳᠡᠨ ᠳᠦ ᠳᠠᠷᠠᠰᠤ ᠤᠤᠭᠤᠯᠭᠠᠵᠤ᠂ ᠪᠢᠳᠡᠨ ᠢ ᠳᠠᠢᠪᠢᠭᠤᠯᠤᠭᠰᠠᠨ᠃
4 ᠬᠠᠷᠢᠨ ᠲᠠ ᠥᠪᠡᠷ ᠡᠴᠡ ᠲᠠᠨᠢ ᠡᠮᠢᠶᠡᠭᠴᠢᠳ ᠤᠨ ᠲᠥᠯᠥᠭᠡ ᠲᠤᠭ ᠮᠠᠨᠳᠤᠭᠤᠯᠪᠠ
 
ᠰᠧᠯᠠ

5 ᠲᠡᠢᠨ ᠬᠦ ᠲᠠᠨ ᠤ ᠬᠠᠢᠷᠠᠲᠤ ᠨᠤᠭᠤᠳ ᠴᠢᠯᠥᠭᠡᠯᠡᠭᠳᠡᠨ᠎ᠡ᠂ ᠪᠢᠳᠡᠨ ᠦ ᠬᠢ ᠶᠢ ᠰᠣᠨᠣᠰᠣᠭᠠᠳ ᠪᠠᠷᠠᠭᠤᠨ ᠮᠤᠲᠤᠷ ᠢᠶᠠᠷ ᠢᠶᠠᠨ ᠠᠪᠤᠷᠠᠭᠠᠴᠢ᠃

6 ᠪᠤᠷᠬᠠᠨ ᠠᠷᠢᠭᠤᠨ ᠭᠠᠵᠠᠷ ᠲᠠᠭᠠᠨ ᠠᠢᠯᠠᠳᠪᠠ ᠪᠢ ᠢᠯᠡᠵᠦ ᠱᠧᠬᠧᠮ ᠢ ᠬᠤᠪᠢᠶᠠᠨ᠂ ᠰᠦᠺᠺᠣᠲ ᠤᠨ ᠬᠥᠨᠳᠡᠢ ᠶᠢ ᠬᠡᠮᠵᠢᠬᠦ ᠪᠣᠯᠣᠨ᠎ᠠ᠃
7 ᠭᠢᠯᠧᠶᠠᠳ᠋ ᠮᠢᠨᠦᠬᠢ᠂ ᠮᠠᠨᠠᠰᠧ ᠮᠢᠨᠦᠬᠢ ᠡᠹᠷᠠᠢᠮ ᠮᠢᠨᠦ ᠳᠤᠭᠤᠯᠠᠭ᠎ᠠ ᠶᠦᠳᠠ ᠮᠢᠨᠦ ᠲᠠᠶᠠᠭ᠃
8 ᠮᠣᠶᠠᠪ ᠮᠢᠨᠦ ᠤᠬᠢᠶᠠᠯᠭ᠎ᠠ ᠶᠢᠨ ᠰᠠᠪᠠ ᠡᠳᠣᠮ ᠤᠨ ᠳᠡᠭᠡᠷ᠎ᠡ ᠪᠢ ᠭᠤᠲᠤᠯ ᠢᠶᠠᠨ ᠰᠢᠳᠡᠨ᠎ᠡ ᠹᠢᠯᠢᠰᠲ ᠤᠨ ᠳᠡᠭᠡᠭᠦᠷ ᠪᠢ ᠤᠤᠬᠠᠢᠯᠠᠨ᠎ᠠ᠃

9 ᠬᠡᠨ ᠨᠠᠮᠠᠶᠢ ᠪᠡᠬᠢᠯᠡᠯᠲᠡᠲᠦ ᠬᠣᠲᠠ ᠤᠷᠤᠭᠤ ᠠᠪᠴᠢᠷᠠᠬᠤ ᠪᠤᠢ︖ ᠬᠡᠨ ᠨᠠᠮᠠᠶᠢ ᠡᠳᠣᠮ ᠤᠷᠤᠭᠤ ᠬᠥᠲᠥᠯᠬᠦ ᠪᠤᠢ︖
10 ᠬᠠᠷᠢᠨ ᠪᠤᠷᠬᠠᠨ ᠲᠠ ᠪᠢᠳᠡᠨ ᠢ ᠣᠭᠣᠷᠣᠭᠰᠠᠨ ᠭᠡᠵᠢ ᠤᠤ︖ ᠪᠤᠷᠬᠠᠨ ᠲᠠ ᠪᠢᠳᠡᠨ ᠦ ᠴᠡᠷᠢᠭ ᠤᠳ ᠲᠠᠢ ᠬᠠᠮᠲᠤ ᠭᠠᠷᠬᠤ ᠦᠭᠡᠢ ᠭᠡᠵᠢ ᠤᠤ︖
11 ᠪᠢᠳᠡᠨ ᠢ ᠪᠡᠷᠬᠡ ᠡᠴᠡ ᠭᠠᠷᠭᠠᠨ ᠲᠤᠰᠠᠯᠠᠭᠠᠴᠢ᠂ ᠬᠥᠮᠦᠨ ᠦ ᠲᠤᠰᠠᠯᠠᠮᠵᠢ ᠬᠣᠭᠣᠰᠣᠨ ᠶᠤᠮ᠃
12 ᠪᠤᠷᠬᠠᠨ ᠤ ᠠᠴᠢ ᠪᠠᠷ ᠪᠢᠳᠡ ᠬᠦᠴᠦᠲᠡᠢ ᠦᠢᠯᠡᠳᠦᠨ᠎ᠡ ᠪᠢᠳᠡᠨ ᠦ ᠥᠰᠲᠡᠨ ᠨᠦᠭᠦᠳ ᠢ ᠲᠡᠷᠡ ᠥᠪᠡᠷ ᠢᠶᠡᠨ ᠭᠢᠰᠬᠢᠯᠡᠨ᠎ᠡ᠃