1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠠᠨ ᠳᠥᠷᠪᠡ
 ᠮᠠᠭᠤ ᠶᠢ ᠰᠡᠳᠦᠭᠴᠢ ᠡᠴᠡ ᠬᠠᠮᠠᠭᠠᠯᠠᠭᠠᠴᠢ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠤᠷᠬᠠᠨ᠂ ᠭᠣᠮᠣᠳᠠᠯ ᠤᠨ ᠳᠠᠭᠤ ᠶᠢ ᠮᠢᠨᠢ ᠰᠣᠨᠣᠰᠣᠭᠠᠴᠢ ᠳᠠᠢᠰᠤᠨ ᠤ ᠰᠦᠷᠳᠡᠭᠦᠯᠦᠯ ᠡᠴᠡ ᠠᠮᠢ ᠶᠢ ᠮᠢᠨᠢ ᠬᠠᠮᠠᠭᠠᠯᠠᠭᠠᠴᠢ᠃
2 ᠪᠤᠷᠤᠭᠤᠲᠠᠳ ᠤᠨ ᠬᠤᠤᠪᠢᠯᠳᠤᠭᠠᠨ ᠪᠤᠵᠠᠷ ᠢ ᠦᠢᠯᠡᠳᠦᠭᠴᠢᠳ ᠤᠨ ᠦᠢᠮᠡᠭᠡᠨ ᠡᠴᠡ ᠨᠠᠮᠠᠶᠢ ᠨᠢᠭᠤᠭᠠᠴᠢ᠃
3 ᠲᠡᠳᠡ ᠬᠡᠯᠡ ᠪᠡᠨ ᠢᠯᠳᠦ ᠮᠡᠲᠦ ᠢᠷᠯᠡᠨ ᠬᠣᠷᠣᠨ ᠦᠭᠡᠰ ᠢᠶᠡᠨ ᠰᠤᠮᠤ ᠮᠡᠲᠦ ᠣᠨᠢᠯᠠᠵᠤ
4 ᠭᠡᠮ ᠦᠭᠡᠢ ᠬᠥᠮᠦᠨ ᠢ ᠨᠢᠭᠤᠴᠠ ᠭᠠᠵᠠᠷ ᠠᠴᠠ ᠬᠠᠷᠪᠤᠨ᠎ᠠ ᠭᠡᠨᠡᠳᠲᠡᠬᠡᠨ᠂ ᠠᠶᠤᠮᠰᠢᠭ ᠦᠭᠡᠢ ᠪᠠᠷ ᠬᠠᠷᠪᠤᠨ᠎ᠠ᠃
5 ᠲᠡᠳᠡ ᠬᠣᠷᠣᠨ ᠮᠠᠭᠤ ᠦᠢᠯᠡ ᠪᠡᠷ ᠢᠶᠠᠨ ᠪᠡᠶ᠎ᠡ ᠪᠡᠶ᠎ᠡ ᠪᠡᠨ ᠥᠭᠡᠭᠰᠢᠭᠦᠯᠦᠨ ᠬᠠᠪᠬ᠎ᠠ ᠲᠠᠯᠪᠢᠬᠤ ᠪᠠᠷ ᠶᠠᠷᠢᠯᠴᠠᠵᠤ 《ᠬᠡᠨ ᠬᠠᠷᠠᠬᠤ ᠶᠤᠮ ᠪᠤᠢ︖》 ᠭᠡᠵᠡᠭᠡᠳᠡᠭ᠃
6 ᠲᠡᠳᠡ ᠵᠥᠪ ᠪᠤᠰᠤ ᠶᠢ ᠰᠡᠳᠦᠨ 《ᠲᠡᠭᠦᠰ ᠠᠷᠭ᠎ᠠ ᠣᠯᠣᠯ᠎ᠠ》 ᠭᠡᠵᠡᠭᠡᠨ᠎ᠡ᠂ ᠬᠥᠮᠦᠨ ᠪᠦᠷᠢ ᠶᠢᠨ ᠬᠢᠨᠢ ᠪᠣᠳᠣᠯ ᠰᠠᠨᠠᠭ᠎ᠠ ᠦᠨᠡᠬᠡᠷ ᠭᠦᠨ ᠪᠠᠢᠨ᠎ᠠ ᠳᠠ᠃

7 ᠪᠤᠷᠬᠠᠨ ᠲᠡᠳᠡᠨ ᠢ ᠰᠤᠮᠤ ᠪᠠᠷ ᠬᠠᠷᠪᠤᠨ᠎ᠠ︕ ᠲᠡᠳᠡ ᠭᠡᠨᠡᠳᠲᠡᠬᠡᠨ ᠰᠢᠷᠬᠠᠲᠤᠵᠤ
8 ᠥᠪᠡᠷᠰᠡᠳ ᠦᠨ ᠢᠶᠠᠨ ᠬᠡᠯᠡᠨ ᠦ ᠤᠯᠠᠮ ᠢᠶᠠᠷ ᠰᠦᠢᠷᠡᠨ᠎ᠡ᠂ ᠲᠡᠳᠡᠨ ᠢ ᠬᠠᠷᠠᠬᠤ ᠬᠥᠮᠦᠨ ᠪᠣᠯᠭᠠᠨ ᠲᠣᠯᠣᠭᠠᠢ ᠰᠡᠭᠰᠦᠷᠬᠦ ᠪᠣᠯᠣᠨ᠎ᠠ᠃
9 ᠬᠥᠮᠦᠨ ᠪᠣᠯᠭᠠᠨ ᠡᠮᠢᠶᠡᠵᠦ ᠪᠤᠷᠬᠠᠨ ᠤ ᠦᠢᠯᠡ ᠶᠢ ᠲᠤᠩ᠋ᠬᠠᠭᠯᠠᠨ ᠶᠠᠭᠤ ᠬᠢᠭᠰᠡᠨ ᠢ ᠨᠢ ᠲᠤᠩ᠋ᠭᠠᠨ᠎ᠠ᠃
10 ᠵᠥᠪᠲᠡᠨ ᠶᠣᠬᠣᠸᠠ ᠶᠢᠨ ᠳᠣᠲᠣᠷ᠎ᠠ ᠪᠠᠶᠠᠷᠯᠠᠵᠤ ᠲᠡᠭᠦᠨ ᠦ ᠳᠣᠲᠣᠷ᠎ᠠ ᠬᠣᠷᠭᠣᠳᠠᠨ᠎ᠠ ᠴᠢᠭ᠍ᠴᠢ ᠵᠢᠷᠦᠬᠡ ᠲᠠᠢ ᠪᠣᠯᠭᠠᠨ ᠮᠠᠭᠲᠠᠨ᠎ᠠ᠃