1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠬᠣᠷᠢᠨ ᠵᠢᠷᠭᠤᠭ᠎ᠠ
 ᠪᠤᠷᠤᠭᠤ ᠦᠭᠡᠢ ᠬᠥᠮᠦᠨ ᠦ ᠦᠭᠡᠰ
 ᠳ᠋ᠠᠸᠢᠳ᠋ ᠤᠨ ᠳᠠᠭᠤᠯᠠᠯ᠃

1 ᠨᠠᠮᠠᠶᠢ ᠵᠥᠪᠲᠥᠭᠡᠭᠡᠴᠢ᠂ ᠶᠣᠬᠣᠸᠠ ᠪᠢ ᠪᠤᠷᠤᠭᠤ ᠦᠭᠡᠢ ᠠᠮᠢᠳᠤᠷᠠᠭᠰᠠᠨ᠂ ᠬᠠᠯᠲᠤᠷᠢᠭ᠎ᠠ ᠦᠭᠡᠢ᠂ ᠶᠣᠬᠣᠸᠠ ᠳᠤ ᠢᠲᠡᠭᠡᠭᠰᠡᠨ
2 ᠨᠠᠮᠠᠶᠢ ᠲᠤᠷᠰᠢᠵᠤ ᠰᠣᠷᠢᠭᠠᠴᠢ᠂ ᠶᠣᠬᠣᠸᠠ ᠵᠢᠷᠦᠬᠡ ᠰᠡᠳᠬᠢᠯ ᠢ ᠮᠢᠨᠢ ᠰᠢᠯᠭᠠᠭᠠᠴᠢ᠂
3 ᠡᠨᠡᠷᠢᠯ ᠲᠠᠨᠢ ᠨᠢᠳᠦᠨ ᠦ ᠮᠢᠨᠢ ᠡᠮᠦᠨ᠎ᠡ ᠪᠠᠢᠭᠰᠠᠭᠠᠷ ᠪᠢ ᠲᠠᠨ ᠤ ᠦᠨᠡᠨ ᠦ ᠳᠣᠲᠣᠷ᠎ᠠ ᠠᠯᠬᠤᠭᠰᠠᠨ
4 ᠬᠠᠭᠤᠷᠮᠠᠭ ᠬᠥᠮᠦᠰ ᠲᠡᠢ ᠬᠠᠮᠲᠤ ᠰᠠᠭᠤᠯ ᠦᠭᠡᠢ ᠬᠣᠶᠠᠷ ᠨᠢᠭᠤᠷᠲᠠᠨ ᠲᠠᠢ ᠬᠠᠮᠲᠤᠷᠠᠯ ᠦᠭᠡᠢ
5 ᠪᠤᠵᠠᠷ ᠢ ᠦᠢᠯᠡᠳᠦᠭᠴᠢ ᠶᠢᠨ ᠴᠢᠭᠤᠯᠭᠠᠨ ᠢ ᠵᠢᠭ᠍ᠰᠢᠨ ᠪᠤᠷᠤᠭᠤᠲᠠᠳ ᠲᠠᠢ ᠬᠠᠮᠲᠤ ᠰᠠᠭᠤᠳᠠᠭ ᠦᠭᠡᠢ ᠪᠠᠢᠪᠠ᠃
6 ᠶᠣᠬᠣᠸᠠ᠂ ᠪᠢ ᠭᠡᠮ ᠦᠭᠡᠢ ᠪᠡᠨ ᠢᠯᠡᠷᠬᠡᠶᠢᠯᠡᠨ ᠭᠠᠷ ᠢᠶᠠᠨ ᠤᠬᠢᠶᠠᠵᠤ ᠲᠠᠨ ᠤ ᠲᠠᠬᠢᠯ ᠤᠨ ᠰᠢᠷᠡᠭᠡ ᠶᠢ ᠲᠣᠭᠣᠷᠢᠵᠤ
7 ᠲᠠᠯᠠᠷᠬᠠᠯ ᠤᠨ ᠳᠠᠭᠤᠤ ᠰᠣᠨᠣᠰᠬᠠᠨ ᠲᠠᠨ ᠤ ᠪᠦᠬᠦ ᠭᠠᠢᠬᠠᠮᠰᠢᠭᠲᠤ ᠦᠢᠯᠡ ᠶᠢ ᠲᠤᠩ᠋ᠬᠠᠭᠯᠠᠶ᠎ᠠ᠃

8 ᠶᠣᠬᠣᠸᠠ᠂ ᠪᠢ ᠲᠠᠨ ᠤ ᠰᠠᠭᠤᠳᠠᠭ ᠥᠷᠭᠥᠭᠡ ᠲᠠᠨ ᠤ ᠵᠢᠪᠬᠤᠯᠠᠩ ᠤᠨ ᠣᠷᠣᠰᠢᠬᠤ ᠭᠠᠵᠠᠷ ᠲᠤ ᠬᠠᠢᠷᠠᠲᠠᠢ᠃
9 ᠰᠦᠨᠡᠰᠦ ᠶᠢ ᠮᠢᠨᠢ ᠨᠢᠭᠦᠯᠲᠡᠳ ᠲᠡᠢ ᠬᠠᠮᠲᠤ ᠠᠮᠢ ᠶᠢ ᠮᠢᠨᠢ ᠴᠢᠰᠤ ᠤᠷᠤᠰᠬᠠᠭᠴᠢᠳ ᠲᠠᠢ ᠬᠠᠮᠲᠤ ᠪᠦᠦ ᠠᠪᠠᠴᠢᠭᠠᠴᠢ᠃
10 ᠬᠣᠷᠣᠨ ᠲᠥᠯᠥᠪᠯᠡᠭᠡ ᠲᠡᠳᠡᠨ ᠦ ᠭᠠᠷ ᠲᠤ ᠪᠤᠢ ᠪᠠᠷᠠᠭᠤᠨ ᠭᠠᠷ ᠨᠢ ᠬᠠᠬᠤᠤᠯᠢ ᠪᠠᠷ ᠳᠦᠭᠦᠷᠡᠩ
11 ᠬᠠᠷᠢᠨ ᠪᠢ ᠪᠤᠷᠤᠭᠤ ᠦᠭᠡᠢ ᠳᠣᠲᠣᠷ᠎ᠠ ᠪᠠᠨ ᠠᠯᠬᠤᠨ᠎ᠠ ᠨᠠᠮᠠᠶᠢ ᠡᠨᠡᠷᠢᠵᠦ᠂ ᠵᠣᠯᠢᠨ ᠠᠪᠤᠨ᠎ᠠ ᠤᠤ︖
12 ᠬᠥᠯ ᠮᠢᠨᠢ ᠲᠡᠭᠰᠢ ᠭᠠᠵᠠᠷ ᠲᠤ ᠵᠣᠭᠰᠣᠯ᠎ᠠ ᠴᠢᠭᠤᠯᠭᠠᠨ ᠳᠤ ᠪᠢ ᠶᠣᠬᠣᠸᠠ ᠶᠢ ᠮᠠᠭᠲᠠᠨ᠎ᠠ᠃