1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠨᠠᠶᠠᠨ ᠭᠤᠷᠪᠠ
 ᠬᠣᠯᠪᠣᠭᠠᠯᠠᠭᠰᠠᠨ ᠳᠠᠢᠰᠤᠨ ᠠᠴᠠ ᠬᠠᠮᠠᠭᠠᠯᠠᠭᠠᠴᠢ
 ᠠᠰᠠᠹ ᠤᠨ ᠳᠠᠭᠤᠯᠠᠯ᠂ ᠳᠠᠭᠤᠤ᠃

1 ᠪᠤᠷᠬᠠᠨ᠂ ᠪᠦᠦ ᠳᠠᠭᠤ ᠦᠭᠡᠢ ᠪᠠᠢᠭᠠᠴᠢ᠂ ᠪᠤᠷᠬᠠᠨ᠂ ᠪᠦᠦ ᠨᠠᠮ ᠵᠢᠮ ᠪᠠᠢᠭᠠᠴᠢ᠂ ᠪᠦᠦ ᠠᠨᠢᠷ ᠦᠭᠡᠢ ᠪᠣᠯᠣᠭᠠᠴᠢ᠃
2 ᠬᠠᠷᠠ᠂ ᠲᠠᠨ ᠤ ᠳᠠᠢᠰᠤᠨ ᠨᠤᠭᠤᠳ ᠱᠤᠤᠭᠢᠯᠳᠤᠵᠤ ᠲᠠᠨ ᠢ ᠦᠵᠡᠨ ᠶᠠᠳᠠᠭᠴᠢᠳ ᠲᠣᠯᠣᠭᠠᠢ ᠪᠠᠨ ᠡᠷᠭᠦᠭᠰᠡᠨ ᠪᠠᠢᠨ᠎ᠠ᠃
3 ᠠᠷᠠᠳ ᠲᠦᠮᠡᠨ ᠦ ᠲᠠᠨᠢ ᠡᠰᠡᠷᠭᠦ ᠲᠡᠳᠡ ᠵᠠᠯᠢ ᠮᠡᠬᠡ ᠵᠣᠬᠢᠶᠠᠵᠤ ᠲᠠᠨ ᠤ ᠨᠠᠨᠳᠢᠩᠨᠠᠳᠠᠭ ᠬᠥᠮᠦᠰ ᠦᠨ ᠡᠰᠡᠷᠭᠦ ᠬᠤᠤᠪᠢᠯᠳᠤᠵᠤ ᠪᠠᠢᠨ᠎ᠠ᠂
4 《ᠵᠠ᠂ ᠲᠡᠳᠡᠨ ᠢ ᠦᠨᠳᠦᠰᠦᠲᠡᠨ ᠢᠶᠡᠷ ᠨᠢ ᠤᠰᠠᠳᠬᠠᠵᠠᠭᠠᠶ᠎ᠠ᠂ ᠢᠰᠷᠧᠯ ᠤᠨ ᠨᠡᠷ᠎ᠡ ᠶᠢ ᠳᠤᠷᠠᠰᠤᠭᠳᠠᠬᠤ ᠦᠭᠡᠢ ᠪᠣᠯᠭᠠᠶ᠎ᠠ》 ᠭᠡᠯᠴᠡᠵᠦ
5 ᠨᠢᠭᠡ ᠰᠠᠨᠠᠭ᠎ᠠ ᠪᠠᠷ ᠬᠤᠤᠪᠢᠯᠳᠤᠭᠰᠠᠨ ᠲᠠᠨ ᠤ ᠡᠰᠡᠷᠭᠦ ᠰᠦᠯᠪᠡᠭᠡ ᠪᠠᠢᠭᠤᠯᠤᠭᠰᠠᠨ᠃
6 ᠡᠳᠣᠮ ᠤᠨ ᠭᠡᠷ ᠦᠨ ᠬᠢᠨ᠂ ᠢᠱᠮᠠᠶᠧᠯᠴᠤᠳ᠂ ᠮᠣᠶᠠᠪᠴᠤᠳ ᠪᠣᠯᠣᠨ ᠬᠠᠬᠷᠢᠴᠤᠳ᠂
7 ᠭᠧᠪᠠᠯ᠂ ᠠᠮᠣᠨ ᠪᠣᠯᠣᠨ ᠠᠮᠠᠯᠧᠺ᠂ ᠹᠢᠯᠢᠰᠲ᠂ ᠲᠢᠷ ᠤᠨ ᠰᠠᠭᠤᠭᠠᠯᠢᠴᠢᠳ ᠠᠴᠠ ᠭᠠᠳᠠᠨ᠎ᠠ
8 ᠠᠰᠢᠷᠢᠶ᠎ᠠ ᠴᠤ ᠲᠡᠳᠡᠨ ᠲᠡᠢ ᠬᠣᠯᠪᠣᠭᠠᠯᠠᠵᠤ ᠯᠣᠲ ᠤᠨ ᠬᠥᠪᠡᠭᠦᠳ ᠲᠡᠢ ᠬᠦᠴᠦ ᠬᠠᠮᠲᠤᠷᠠᠵᠠᠢ᠃
 
ᠰᠧᠯᠠ


9 ᠲᠠ ᠮᠢᠳᠢᠶᠠᠨ ᠳᠤ᠂ ᠺᠢᠱᠣᠨ ᠭᠣᠷᠣᠬᠠᠨ ᠤ ᠳᠡᠷᠭᠡᠳᠡ ᠰᠢᠰᠧᠷᠠ ᠪᠣᠯᠣᠨ ᠶᠠᠪᠢᠨ ᠳᠤ ᠦᠢᠯᠡᠳᠦᠭᠰᠡᠨ ᠰᠢᠭ ᠢᠶᠠᠨ ᠦᠢᠯᠡᠳᠦᠭᠡᠴᠢ᠃
10 ᠲᠡᠳᠡ ᠧᠨ ᠳ᠋ᠣᠷ ᠲᠤ ᠤᠰᠠᠳᠬᠠᠭᠳᠠᠵᠤ ᠭᠠᠵᠠᠷ ᠤᠨ ᠪᠣᠯᠳᠣᠭᠤᠷ ᠪᠣᠯᠣᠭᠰᠠᠨ ᠪᠢᠯᠡ᠃
11 ᠲᠠ ᠳᠠᠢᠰᠤᠨ ᠨᠤᠭᠤᠳ ᠤᠨ ᠨᠣᠶᠠᠳ ᠢ ᠣᠷᠧᠪ ᠪᠠ ᠽᠧᠪ ᠰᠢᠭ᠋ ᠬᠠᠮᠤᠭ ᠲᠣᠯᠣᠭᠠᠢᠯᠠᠭᠴᠢ ᠶᠢ ᠨᠢ ᠽᠧᠪᠠ ᠪᠠ ᠽᠠᠯᠮᠣᠨᠠ ᠰᠢᠭ᠋ ᠪᠣᠯᠭᠠᠭᠠᠴᠢ᠂
12 ᠲᠡᠳᠡ 《ᠪᠤᠷᠬᠠᠨ ᠤ ᠪᠡᠯᠴᠢᠭᠡᠷ ᠢ ᠡᠵᠡᠮᠰᠢᠵᠡᠭᠡᠶ᠎ᠡ》 ᠭᠡᠵᠡᠭᠡᠭᠰᠡᠨ ᠶᠤᠮ᠃

13 ᠪᠤᠷᠬᠠᠨ ᠮᠢᠨᠢ ᠡ᠂ ᠲᠡᠳᠡᠨ ᠢ ᠬᠠᠮᠬᠤᠤᠯ ᠮᠡᠲᠦ ᠰᠠᠯᠬᠢᠨ ᠳᠤ ᠬᠡᠶᠢᠰᠬᠦ ᠬᠡᠪᠡᠭ ᠮᠡᠲᠦ ᠪᠣᠯᠭᠠᠭᠠᠴᠢ᠃
14 ᠣᠢ ᠶᠢ ᠰᠢᠲᠠᠭᠠᠬᠤ ᠭᠠᠯ ᠮᠡᠲᠦ ᠠᠭᠤᠯᠠᠰ ᠢ ᠭᠠᠯᠳᠠᠬᠤ ᠳᠥᠯᠥ ᠮᠡᠲᠦ
15 ᠬᠤᠢ ᠰᠠᠯᠬᠢ ᠪᠠᠷ ᠢᠶᠠᠨ ᠲᠡᠳᠡᠨ ᠢ ᠬᠥᠭᠡᠭᠡᠵᠦ ᠰᠢᠭᠤᠷᠭ᠎ᠠ ᠪᠠᠷ ᠢᠶᠠᠨ ᠲᠡᠳᠡᠨ ᠢ ᠰᠦᠷᠳᠡᠭᠦᠯᠦᠭᠡᠴᠢ
16 ᠨᠢᠭᠤᠷ ᠢ ᠨᠢ ᠢᠴᠢᠭᠦᠷᠢ ᠪᠠᠷ ᠳᠦᠭᠦᠷᠭᠡᠭᠡᠴᠢ ᠨᠡᠷ᠎ᠡ ᠶᠢ ᠲᠠᠨᠢ ᠲᠡᠳᠡ ᠬᠠᠢᠬᠤ ᠶᠣᠰᠣᠲᠠᠢ᠂ ᠶᠣᠬᠣᠸᠠ᠃
17 ᠲᠡᠳᠡ ᠴᠠᠭ ᠦᠷᠭᠦᠯᠵᠢ ᠢᠴᠢᠵᠦ ᠰᠠᠨᠳᠤᠷᠤᠨ ᠰᠢᠪᠰᠢᠭ ᠪᠣᠯᠵᠤ ᠰᠦᠢᠷᠡᠭ᠂
18 ᠲᠡᠭᠡᠪᠡᠯ ᠲᠡᠳᠡ ᠶᠣᠬᠣᠸᠠ ᠭᠡᠳᠡᠭ ᠨᠡᠷ᠎ᠡ ᠲᠠᠢ ᠲᠠ᠂ ᠭᠠᠭᠴᠠᠬᠠᠨ ᠲᠠ ᠯᠠ ᠪᠦᠬᠦ ᠳᠡᠯᠡᠬᠡᠢ ᠶᠢᠨ ᠬᠠᠮᠤᠭ ᠤᠨ ᠳᠡᠭᠡᠳᠦ ᠨᠢᠭᠡᠨ ᠭᠡᠳᠡᠭ ᠢ ᠮᠡᠳᠡᠬᠦ ᠪᠣᠯᠣᠨ᠎ᠠ᠃