ᠳᠠᠭᠤᠯᠠᠯ ᠨᠠᠶᠠᠨ ᠳᠥᠷᠪᠡ
ᠪᠤᠷᠬᠠᠨ ᠤ ᠥᠷᠭᠥᠭᠡ ᠥᠭᠡᠳᠡ ᠲᠡᠮᠡᠦᠯᠪᠡ
ᠺᠣᠷᠠᠴᠤᠳ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠬᠢᠲ᠋ᠢᠲ ᠳᠡᠭᠡᠷ᠎ᠡ᠃
1 ᠠᠤᠭ᠎ᠠ ᠬᠦᠴᠦᠲᠦ ᠶᠣᠬᠣᠸᠠ ᠲᠠᠨ ᠤ ᠣᠷᠣᠰᠢᠬᠤ ᠭᠠᠵᠠᠷ ᠶᠠᠭᠤᠲᠠᠢ ᠰᠠᠢᠬᠠᠨ ᠪᠤᠢ︕
2 ᠰᠡᠳᠬᠢᠯ ᠮᠢᠨᠢ ᠶᠣᠬᠣᠸᠠ ᠶᠢᠨ ᠬᠦᠷᠢᠶ᠎ᠡ ᠤᠷᠤᠭᠤ ᠲᠡᠮᠡᠦᠯᠦᠭᠰᠡᠭᠡᠷ ᠴᠤᠴᠠᠪᠠ 18 ᠂ ᠵᠢᠷᠦᠬᠡ ᠪᠠ ᠪᠡᠶ᠎ᠡ ᠮᠢᠨᠢ ᠠᠮᠢᠳᠤ ᠪᠤᠷᠬᠠᠨ ᠤᠷᠤᠭᠤ ᠪᠠᠶᠠᠰᠤᠨ ᠬᠠᠰᠬᠢᠷᠤᠨ᠎ᠠ᠃
3 ᠮᠢᠨᠦ ᠬᠠᠭᠠᠨ᠂ ᠮᠢᠨᠦ ᠪᠤᠷᠬᠠᠨ᠂ ᠠᠤᠭ᠎ᠠ ᠬᠦᠴᠦᠲᠦ ᠶᠣᠬᠣᠸᠠ᠂ ᠲᠠᠨ ᠤ ᠲᠠᠬᠢᠯ ᠤᠨ ᠰᠢᠷᠡᠭᠡᠨ ᠦ ᠬᠠᠵᠠᠭᠤ ᠳᠤ ᠪᠣᠯᠵᠣᠮᠣᠷ ᠴᠤ ᠣᠷᠣᠰᠢᠬᠤ ᠪᠠᠢᠷᠢ ᠪᠠᠨ ᠬᠠᠷᠢᠶᠠᠴᠠᠢ ᠴᠤ ᠠᠩ᠋ᠭᠠᠬᠠᠢ ᠪᠠᠨ ᠣᠷᠣᠩᠨᠠᠭᠤᠯᠬᠤ ᠡᠭᠦᠷ ᠤᠯᠳᠠᠭ᠃
4 ᠥᠷᠭᠥᠭᠡᠨ ᠳᠦ ᠲᠠᠨᠢ ᠰᠠᠭᠤᠭᠴᠢᠳ ᠶᠠᠭᠤᠲᠠᠢ ᠪᠤᠶᠠᠨ ᠲᠠᠢ ᠪᠤᠢ︕ ᠦᠷᠭᠦᠯᠵᠢ ᠲᠡᠳᠡ ᠲᠠᠨ ᠢ ᠮᠠᠭᠲᠠᠬᠤ ᠪᠣᠯᠣᠨ᠎ᠠ᠃
ᠰᠧᠯᠠ
5 ᠬᠦᠴᠦ ᠨᠢ ᠲᠠᠨ ᠤ ᠳᠣᠲᠣᠷ᠎ᠠ ᠪᠠᠢᠳᠠᠭ ᠵᠢᠷᠦᠬᠡ ᠨᠢ ᠮᠥᠷᠭᠥᠯᠴᠢᠨ ᠤ ᠵᠠᠮ ᠤᠷᠤᠭᠤ ᠬᠠᠨᠳᠤᠭᠰᠠᠨ ᠬᠥᠮᠦᠨ ᠪᠤᠶᠠᠨ ᠲᠠᠢ︕
6 ᠲᠡᠳᠡ ᠤᠬᠢᠯᠠᠭᠠᠨ ᠤ ᠬᠥᠨᠳᠡᠢ ᠪᠠᠷ ᠳᠤᠭᠤᠯᠤᠭᠰᠠᠨ ᠴᠤ ᠲᠡᠭᠦᠨ ᠢ ᠤᠨᠳᠤᠷᠤᠭ᠎ᠠ ᠪᠣᠯᠭᠠᠨ᠎ᠠ ᠡᠷᠲᠡ ᠶᠢᠨ ᠪᠣᠷᠣᠭᠠᠨ ᠲᠡᠷᠡ ᠭᠠᠵᠠᠷ ᠢ ᠢᠪᠡᠭᠡᠯ 19 ᠢᠶᠠᠷ ᠪᠦᠷᠬᠦᠨ᠎ᠡ᠃
7 ᠲᠡᠳᠡ ᠠᠯᠬᠤᠬᠤ ᠲᠤᠰᠤᠮ ᠢᠶᠠᠨ ᠬᠦᠴᠦᠲᠡᠢ ᠪᠣᠯᠵᠤ ᠬᠥᠮᠦᠨ ᠪᠦᠷᠢ ᠽᠢᠶᠣᠨ ᠳᠤ ᠪᠤᠷᠬᠠᠨ ᠤ ᠡᠮᠦᠨ᠎ᠡ ᠦᠵᠡᠭᠳᠡᠨ᠎ᠡ᠃
8 ᠠᠤᠭ᠎ᠠ ᠬᠦᠴᠦᠲᠦ ᠪᠤᠷᠬᠠᠨ ᠶᠣᠬᠣᠸᠠ᠂ ᠳᠠᠭᠠᠳᠬᠠᠯ ᠢ ᠮᠢᠨᠢ ᠰᠣᠨᠣᠰᠣᠭᠠᠴᠢ ᠶᠠᠺᠣᠪ ᠤᠨ ᠪᠤᠷᠬᠠᠨ᠂ ᠴᠢᠬᠢ ᠲᠠᠯᠪᠢᠭᠠᠴᠢ᠃
ᠰᠧᠯᠠ
9 ᠪᠤᠷᠬᠠᠨ᠂ ᠪᠢᠳᠡᠨ ᠦ ᠪᠠᠮᠪᠠᠢ ᠶᠢ ᠬᠠᠷᠠᠭᠠᠴᠢ ᠲᠣᠰᠣᠯᠠᠭᠰᠠᠨ ᠨᠢᠭᠡᠨ ᠦ ᠪᠠᠨ ᠨᠢᠭᠤᠷ ᠤᠷᠤᠭᠤ ᠰᠢᠷᠲᠡᠭᠡᠴᠢ᠃
10 ᠲᠠᠨ ᠤ ᠬᠦᠷᠢᠶᠡᠨ ᠳᠦ ᠨᠢᠭᠡ ᠡᠳᠦᠷ ᠪᠠᠢᠬᠤ ᠨᠢ ᠭᠠᠳᠠᠨ᠎ᠠ ᠮᠢᠩ᠋ᠭᠠᠨ ᠡᠳᠦᠷ ᠪᠠᠢᠬᠤ ᠠᠴᠠ ᠴᠤ ᠳᠡᠭᠡᠷ᠎ᠡ᠂ ᠪᠢ ᠪᠤᠷᠤᠭᠤᠲᠠᠳ ᠤᠨ ᠮᠠᠢᠬᠠᠨ ᠳᠤ ᠰᠠᠭᠤᠬᠤ ᠶᠢᠨ ᠣᠷᠣᠨ ᠳᠤ ᠪᠤᠷᠬᠠᠨ ᠤ ᠪᠠᠨ ᠥᠷᠭᠥᠭᠡᠨ ᠦ ᠪᠣᠱᠣᠭᠠᠨ ᠳᠡᠭᠡᠷ᠎ᠡ ᠵᠣᠭᠰᠣᠬᠤ ᠰᠠᠨ᠃
11 ᠤᠴᠢᠷ ᠨᠢ ᠶᠣᠬᠣᠸᠠ ᠪᠤᠷᠬᠠᠨ ᠪᠣᠯ ᠨᠠᠷᠠ ᠪᠣᠯᠣᠨ ᠪᠠᠮᠪᠠᠢ ᠶᠤᠮ︕ ᠠᠯᠳᠠᠭ᠎ᠠ ᠦᠭᠡᠢ ᠠᠯᠬᠤᠭᠴᠢᠳ ᠠᠴᠠ ᠶᠣᠬᠣᠸᠠ ᠰᠠᠢᠨ ᠰᠠᠢᠬᠠᠨ ᠢᠶᠠᠨ ᠬᠠᠷᠠᠮᠨᠠᠬᠤ ᠦᠭᠡᠢ ᠡᠨᠡᠷᠢᠯ ᠪᠣᠯᠣᠨ ᠠᠯᠳᠠᠷ ᠢ ᠲᠡᠳᠡᠨ ᠳᠦ ᠰᠣᠶᠣᠷᠬᠠᠨ᠎ᠠ᠃
12 ᠠᠤᠭ᠎ᠠ ᠬᠦᠴᠦᠲᠦ ᠶᠣᠬᠣᠸᠠ᠂ ᠲᠠᠨ ᠳᠤ ᠢᠲᠡᠭᠡᠳᠡᠭ ᠬᠥᠮᠦᠨ ᠶᠠᠭᠤᠲᠠᠢ ᠪᠤᠶᠠᠨ ᠲᠠᠢ ᠪᠤᠢ︕