1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠠᠷᠪᠠᠨ ᠬᠣᠶᠠᠷ
 ᠵᠥᠪᠲᠡᠨ ᠢ ᠰᠠᠢᠰᠢᠶᠠᠬᠤ
1 ᠶᠣᠬᠣᠸᠠ ᠶᠢ ᠮᠠᠭᠲᠠᠭᠲᠤᠨ᠂ ᠶᠣᠬᠣᠸᠠ ᠠᠴᠠ ᠡᠮᠢᠶᠡᠨ ᠲᠤᠰᠢᠶᠠᠯ ᠤᠳ ᠲᠤᠨᠢ ᠦᠯᠡᠮᠵᠢ ᠪᠠᠶᠠᠷᠯᠠᠳᠠᠭ ᠬᠥᠮᠦᠨ ᠪᠤᠶᠠᠨ ᠲᠠᠢ᠂
2 ᠦᠷ᠎ᠡ ᠤᠳᠤᠮ ᠨᠢ ᠭᠠᠵᠠᠷ ᠳᠡᠭᠡᠷ᠎ᠡ ᠬᠦᠴᠦ ᠴᠢᠳᠠᠯ ᠲᠠᠢ ᠪᠣᠯᠣᠨ᠎ᠠ ᠴᠢᠭ᠍ᠴᠢ ᠬᠥᠮᠦᠰ ᠦᠨ ᠦᠶ᠎ᠡ ᠶᠢᠨ ᠬᠢᠨ ᠢᠪᠡᠭᠡᠭᠳᠡᠨ᠎ᠡ᠂
3 ᠲᠡᠭᠦᠨ ᠦ ᠭᠡᠷ ᠡᠳ᠋ ᠪᠠᠶᠠᠯᠢᠭ ᠲᠠᠢ ᠪᠠᠢᠵᠤ ᠲᠡᠭᠦᠨ ᠦ ᠵᠥᠪ ᠦᠢᠯᠡ ᠮᠥᠩᠬᠡᠳᠡ ᠦᠯᠡᠳᠡᠨ᠎ᠡ᠂
4 ᠥᠷᠥᠪᠴᠢ᠂ ᠨᠢᠭᠦᠯᠡᠰᠦᠩᠭᠦᠢ᠂ ᠵᠥᠪ ᠪᠣᠯᠬᠣᠷ ᠬᠠᠷᠠᠩ᠋ᠭᠤᠢ ᠪᠠᠢᠬᠤ ᠳᠤ ᠴᠤ ᠴᠢᠭ᠍ᠴᠢ ᠬᠥᠮᠦᠨ ᠳᠦ ᠭᠡᠷᠡᠯ ᠲᠤᠰᠤᠨ᠎ᠠ᠂
5 ᠬᠠᠷᠠᠮ ᠦᠭᠡᠢ ᠵᠢᠭᠡᠯᠡᠭᠦᠯᠦᠭᠴᠢ ᠬᠥᠮᠦᠨ᠂ ᠠᠵᠢᠯ ᠢᠶᠠᠨ ᠰᠢᠳᠤᠷᠭᠤ ᠪᠠᠷ ᠭᠦᠢᠴᠡᠭᠡᠳᠡᠭ ᠬᠥᠮᠦᠨ ᠰᠠᠢᠨ ᠪᠣᠯᠣᠨ᠎ᠠ᠂
6 ᠲᠡᠷᠡ ᠬᠡᠵᠢᠶ᠎ᠡ ᠴᠤ ᠭᠠᠩ᠋ᠬᠤᠬᠤ ᠦᠭᠡᠢ ᠵᠥᠪᠲᠡᠨ ᠮᠥᠩᠬᠡᠳᠡ ᠳᠤᠷᠠᠰᠤᠭᠳᠠᠨ᠎ᠠ᠂
7 ᠲᠡᠷᠡ ᠪᠡᠷ ᠮᠠᠭᠤ ᠮᠡᠳᠡᠭᠡᠨ ᠡᠴᠡ ᠠᠶᠤᠬᠤ ᠦᠭᠡᠢ ᠲᠤᠤᠱᠲᠠᠢ ᠵᠢᠷᠦᠬᠡ ᠪᠡᠷ ᠶᠣᠬᠣᠸᠠ ᠳᠤ ᠢᠲᠡᠭᠡᠳᠡᠭ᠃
8 ᠵᠢᠷᠦᠬᠡ ᠨᠢ ᠲᠤᠤᠱᠲᠠᠢ᠂ ᠲᠡᠷᠡ ᠠᠶᠤᠬᠤ ᠦᠭᠡᠢ ᠪᠠᠢᠭᠰᠠᠭᠠᠷ᠂ ᠬᠣᠵᠢᠮ ᠥᠰᠲᠡᠨ ᠨᠦᠭᠦᠳ ᠢᠶᠡᠨ ᠳᠡᠭᠡᠷ᠎ᠡ ᠡᠴᠡ ᠬᠠᠷᠠᠬᠤ ᠪᠣᠯᠣᠨ᠎ᠠ᠃
9 ᠲᠡᠷᠡ ᠪᠡᠷ ᠲᠦᠭᠡᠭᠡᠵᠦ ᠶᠠᠳᠠᠭᠤᠰ ᠲᠤ ᠥᠭᠭᠥᠭᠰᠡᠨ᠂ ᠵᠥᠪᠲᠦ ᠦᠢᠯᠡᠰ ᠨᠢ ᠮᠥᠩᠬᠡ ᠦᠯᠡᠳᠡᠵᠦ ᠡᠪᠡᠷ ᠨᠢ ᠬᠦᠨᠳᠦᠳᠬᠡᠯ ᠲᠡᠢ ᠪᠠᠷ ᠡᠷᠭᠦᠮᠵᠢᠯᠡᠭᠳᠡᠨ᠎ᠡ᠂

10 ᠪᠤᠷᠤᠭᠤᠲᠠᠨ ᠬᠠᠷᠠᠭᠠᠳ ᠠᠭᠤᠷᠯᠠᠨ᠎ᠠ ᠰᠢᠳᠦ ᠪᠡᠨ ᠬᠠᠪᠢᠷᠤᠨ᠎ᠠ᠂ ᠠᠯᠠᠭ᠎ᠠ ᠪᠣᠯᠣᠨ᠎ᠠ᠂ ᠪᠤᠷᠤᠭᠤᠲᠠᠳ ᠤᠨ ᠬᠦᠰᠡᠯ ᠲᠠᠯᠠᠭᠠᠷ ᠪᠣᠯᠣᠨ᠎ᠠ᠃