1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠴᠢᠨ ᠳᠣᠯᠣᠭ᠎ᠠ
 ᠬᠠᠮᠤᠭ ᠦᠨᠳᠦᠰᠦᠲᠡᠨ ᠦ ᠬᠠᠭᠠᠨ
 ᠺᠣᠷᠠ ᠶᠢᠨ ᠬᠣᠢᠴᠢᠰ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠦᠬᠦ ᠦᠨᠳᠦᠰᠦᠲᠡᠨ ᠡ᠂ ᠠᠯᠠᠭ᠎ᠠ ᠪᠠᠨ ᠲᠡᠰᠢ ᠪᠠᠶᠠᠷᠲᠤ ᠳᠠᠭᠤ ᠪᠠᠷ ᠪᠤᠷᠬᠠᠨ ᠥᠭᠡᠳᠡ ᠬᠠᠰᠬᠢᠷ᠃
2 ᠪᠦᠬᠦ ᠳᠡᠯᠡᠬᠡᠢ ᠶᠢᠨ ᠠᠭᠤᠤ ᠬᠠᠭᠠᠨ᠂ ᠬᠠᠮᠤᠭ ᠤᠨ ᠳᠡᠭᠡᠳᠦ ᠶᠣᠬᠣᠸᠠ ᠠᠴᠠ ᠡᠮᠢᠶᠡᠭᠦᠰᠢᠲᠡᠢ᠃
3 ᠦᠨᠳᠦᠰᠦᠲᠡᠨ ᠨᠦᠭᠦᠳ ᠢ ᠪᠢᠳᠡᠨ ᠦ ᠳᠣᠣᠷ᠎ᠠ ᠶᠠᠰᠤᠲᠠᠨ ᠨᠤᠭᠤᠳ ᠢ ᠪᠢᠳᠡᠨ ᠦ ᠬᠥᠯ ᠳᠣᠣᠷ᠎ᠠ ᠨᠣᠮᠣᠬᠠᠷᠠᠭᠤᠯᠤᠭᠰᠠᠨ
4 ᠬᠠᠢᠷᠠᠯᠠᠭᠰᠠᠨ ᠶᠠᠺᠣᠪ ᠤᠨ ᠢᠶᠠᠨ ᠪᠠᠬᠠᠷᠬᠠᠯ ᠪᠣᠯᠣᠭᠰᠠᠨ ᠥᠪ ᠢ ᠪᠢᠳᠡᠨ ᠳᠦ ᠰᠣᠩ᠋ᠭᠣᠵᠤ ᠥᠭᠭᠥᠭᠰᠡᠨ ᠨᠢ ᠲᠡᠷᠡ ᠪᠢᠯᠡ᠃
 
ᠰᠧᠯᠠ


5 ᠤᠤᠬᠠᠢ ᠶᠢᠨ ᠳᠤᠮᠳᠠ ᠪᠤᠷᠬᠠᠨ ᠳᠡᠭᠡᠳᠦᠯᠡᠭᠳᠡᠪᠡ ᠪᠦᠷᠢᠶᠡᠨ ᠳᠠᠭᠤᠨ ᠤ ᠳᠤᠮᠳᠠ ᠶᠣᠬᠣᠸᠠ ᠳᠡᠭᠡᠭᠰᠢ ᠵᠠᠯᠠᠷᠠᠪᠠ᠃
6 ᠮᠠᠭᠲᠠᠭᠲᠤᠨ᠂ ᠪᠤᠷᠬᠠᠨ ᠢ ᠮᠠᠭᠲᠠᠭᠲᠤᠨ ᠮᠠᠭᠲᠠᠭᠲᠤᠨ᠂ ᠪᠢᠳᠡᠨ ᠦ ᠬᠠᠭᠠᠨ ᠢ ᠮᠠᠭᠲᠠᠭᠲᠤᠨ᠃
7 ᠪᠤᠷᠬᠠᠨ ᠪᠣᠯ ᠪᠦᠬᠦ ᠳᠡᠯᠡᠬᠡᠢ ᠶᠢᠨ ᠬᠠᠭᠠᠨ ᠲᠡᠭᠦᠨ ᠢ ᠳᠠᠭᠤᠯᠠᠯ ᠢᠶᠠᠷ ᠮᠠᠭᠲᠠᠭᠲᠤᠨ᠃
8 ᠪᠤᠷᠬᠠᠨ ᠦᠨᠳᠦᠰᠦᠲᠡᠨ ᠨᠦᠭᠦᠳ ᠢ ᠵᠠᠬᠢᠷᠴᠤ ᠪᠠᠢᠳᠠᠭ ᠪᠤᠷᠬᠠᠨ ᠠᠷᠢᠭᠤᠨ ᠰᠡᠨᠲᠢ ᠳᠡᠭᠡᠨ ᠵᠠᠯᠠᠷᠠᠭᠰᠠᠨ ᠪᠠᠢᠳᠠᠭ᠃
9 ᠦᠨᠳᠦᠰᠦᠲᠡᠨ ᠨᠦᠭᠦᠳ ᠦᠨ ᠨᠣᠶᠠᠳ ᠠᠪᠷᠠᠬᠠᠮ ᠤᠨ ᠪᠤᠷᠬᠠᠨ ᠤ ᠠᠷᠠᠳ ᠲᠦᠮᠡᠨ ᠲᠡᠢ ᠬᠠᠮᠲᠤ ᠴᠤᠭᠯᠠᠷᠠᠵᠠᠢ ᠶᠢᠷᠲᠢᠨᠴᠦ ᠶᠢᠨ ᠵᠠᠬᠢᠷᠤᠭᠴᠢᠳ ᠴᠤ ᠪᠤᠷᠬᠠᠨ ᠤ ᠬᠢ ᠲᠡᠷᠡ ᠯᠠ ᠥᠨᠳᠥᠷ ᠲᠦ ᠡᠷᠭᠦᠮᠵᠢᠯᠡᠭᠳᠡᠭᠰᠡᠨ ᠪᠠᠢᠳᠠᠭ᠃