ᠳᠠᠭᠤᠯᠠᠯ ᠵᠠᠭᠤ ᠬᠣᠷᠢᠨ ᠳᠥᠷᠪᠡ
ᠪᠢᠳᠡᠨ ᠦ ᠠᠪᠤᠷᠠᠯ ᠪᠤᠷᠬᠠᠨ ᠠᠴᠠ
ᠳ᠋ᠠᠸᠢᠳ᠋ ᠤᠨ ᠥᠭᠰᠥᠬᠦ ᠳᠠᠭᠤᠤ᠃
1 ᠢᠰᠷᠧᠯ ᠣᠳᠣ ᠬᠡᠯᠡᠭ᠄ 《ᠬᠡᠷᠪᠡ ᠶᠣᠬᠣᠸᠠ ᠪᠢᠳᠡᠨ ᠦ ᠲᠠᠯ᠎ᠠ ᠳᠤ ᠪᠠᠢᠭ᠎ᠠ ᠦᠭᠡᠢ ᠪᠣᠯ᠂
2 ᠬᠥᠮᠦᠰ ᠪᠢᠳᠡᠨ ᠦ ᠡᠰᠡᠷᠭᠦ ᠪᠣᠰᠬᠤ ᠳᠤ᠂ ᠬᠡᠷᠪᠡ ᠶᠣᠬᠣᠸᠠ ᠪᠢᠳᠡᠨ ᠦ ᠲᠠᠯ᠎ᠠ ᠳᠤ ᠪᠠᠢᠭ᠎ᠠ ᠦᠭᠡᠢ ᠪᠣᠯ᠂
3 ᠲᠡᠳᠡᠨ ᠦ ᠠᠭᠤᠷ ᠪᠢᠳᠡᠨ ᠦ ᠡᠰᠡᠷᠭᠦ ᠳᠦᠷᠡᠯᠵᠡᠵᠦ ᠲᠡᠳᠡ ᠪᠢᠳᠡᠨ ᠢ ᠠᠮᠢᠳᠤ ᠪᠠᠷ ᠮᠠᠨᠢ ᠵᠠᠯᠭᠢᠬᠤ ᠪᠠᠢᠭᠰᠠᠨ᠂
4 ᠶᠡᠬᠡ ᠤᠰᠤ ᠪᠢᠳᠡᠨ ᠢ ᠬᠠᠮᠤᠨ ᠦᠶᠡᠷ ᠪᠢᠳᠡᠨ ᠦ ᠳᠡᠭᠡᠭᠦᠷ ᠬᠠᠯᠢᠬᠤ ᠪᠠᠢᠭᠰᠠᠨ᠂
5 ᠳᠣᠯᠭᠢᠨ ᠤᠷᠤᠰᠬᠠᠯ ᠪᠢᠳᠡᠨ ᠦ ᠳᠡᠭᠡᠭᠦᠷ ᠬᠠᠯᠢᠬᠤ ᠪᠠᠢᠭᠰᠠᠨ᠃》
6 ᠪᠢᠳᠡᠨ ᠢ ᠲᠡᠳᠡᠨ ᠦ ᠰᠢᠳᠦᠨ ᠳᠦ ᠲᠠᠰᠤᠳᠠᠭᠤᠯᠬᠤ ᠪᠠᠷ ᠥᠭᠭᠥᠭᠡ ᠦᠭᠡᠢ ᠶᠣᠬᠣᠸᠠ ᠮᠠᠭᠲᠠᠭᠳᠠᠬᠤ ᠪᠣᠯᠲᠤᠭᠠᠢ᠃
7 ᠪᠢᠳᠡ ᠠᠩᠴᠢᠨ ᠤ ᠤᠷᠠᠬᠠᠨ ᠠᠴᠠ ᠮᠤᠯᠲᠤᠷᠠᠭᠰᠠᠨ ᠰᠢᠪᠠᠭᠤ ᠰᠢᠭ᠋ ᠪᠣᠯᠣᠯ᠎ᠠ᠂ ᠤᠷᠠᠬ᠎ᠠ ᠡᠪᠳᠡᠷᠡᠵᠦ ᠪᠢᠳᠡ ᠮᠤᠯᠲᠤᠷᠠᠵᠠᠢ᠃
8 ᠪᠢᠳᠡᠨ ᠦ ᠲᠤᠰᠠᠯᠠᠮᠵᠢ ᠪᠣᠯ ᠲᠩᠷᠢ ᠭᠠᠵᠠᠷ ᠢ ᠪᠦᠲᠦᠭᠡᠭᠰᠡᠨ ᠶᠣᠬᠣᠸᠠ ᠶᠢᠨ ᠨᠡᠷ᠎ᠡ ᠳᠦ ᠪᠠᠢᠳᠠᠭ᠃