ᠳᠠᠭᠤᠯᠠᠯ ᠵᠠᠭᠤ ᠭᠤᠴᠢᠨ ᠵᠢᠷᠭᠤᠭ᠎ᠠ
ᠮᠥᠩᠬᠡ ᠶᠢᠨ ᠬᠠᠢᠷ᠎ᠠ ᠳᠤ ᠲᠠᠯᠠᠷᠬᠠᠬᠤ
1 ᠶᠣᠬᠣᠸᠠ ᠳᠤ ᠲᠠᠯᠠᠷᠬ᠎ᠠ ᠲᠡᠷᠡ ᠰᠠᠢᠨ ᠦᠨᠡᠨ ᠬᠠᠢᠷ᠎ᠠ ᠨᠢ ᠡᠭᠦᠷᠢᠳᠡ ᠶᠢᠨ ᠬᠢ
2 ᠪᠤᠷᠬᠠᠳ ᠤᠨ ᠪᠤᠷᠬᠠᠨ ᠳᠤ ᠲᠠᠯᠠᠷᠬ᠎ᠠ ᠦᠨᠡᠨ ᠬᠠᠢᠷ᠎ᠠ ᠨᠢ ᠡᠭᠦᠷᠢᠳᠡ ᠶᠢᠨ ᠬᠢ
3 ᠡᠵᠡᠳ ᠦᠨ ᠡᠵᠡᠨ ᠳᠦ ᠲᠠᠯᠠᠷᠬ᠎ᠠ ᠦᠨᠡᠨ ᠬᠠᠢᠷ᠎ᠠ ᠨᠢ ᠡᠭᠦᠷᠢᠳᠡ ᠶᠢᠨ ᠬᠢ
4 ᠠᠭᠤᠤ ᠭᠠᠢᠬᠠᠮᠰᠢᠭ ᠤᠳ ᠢ ᠭᠠᠭᠴᠠᠭᠠᠷ ᠦᠢᠯᠡᠳᠦᠭᠴᠢ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
5 ᠴᠡᠴᠡᠨ ᠤᠬᠠᠭᠠᠨ ᠢᠶᠠᠷ ᠲᠩᠷᠢ ᠶᠢ ᠪᠦᠲᠦᠭᠡᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
6 ᠤᠰᠤᠨ ᠳᠡᠭᠡᠭᠦᠷ ᠭᠠᠵᠠᠷ ᠢ ᠳᠡᠯᠭᠡᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
7 ᠠᠤᠭ᠎ᠠ ᠭᠡᠷᠡᠯ ᠤᠳ ᠢ ᠪᠦᠲᠦᠭᠡᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
8 ᠨᠠᠷᠠ ᠪᠠᠷ ᠡᠳᠦᠷ ᠢ ᠵᠠᠬᠢᠷᠤᠭᠤᠯᠤᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
9 ᠰᠠᠷ᠎ᠠ ᠪᠠ ᠣᠳᠣᠳ ᠢᠶᠠᠷ ᠰᠥᠨᠢ ᠶᠢ ᠵᠠᠬᠢᠷᠤᠭᠤᠯᠤᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
10 ᠶᠧᠵᠢᠫᠲ ᠤᠨ ᠤᠤᠭᠠᠨ ᠨᠤᠭᠤᠳ ᠢ ᠴᠣᠬᠢᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
11 ᠢᠰᠷᠧᠯ ᠢ ᠲᠡᠳᠡᠨ ᠦ ᠳᠤᠮᠳᠠ ᠠᠴᠠ ᠭᠠᠷᠭᠠᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
12 ᠬᠦᠴᠦᠲᠦ ᠭᠠᠷ᠂ ᠰᠤᠩ᠋ᠭᠠᠭᠰᠠᠨ ᠮᠤᠲᠤᠷ ᠢᠶᠠᠷ ᠭᠠᠷᠭᠠᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
13 ᠤᠯᠠᠭᠠᠨ ᠲᠠᠩᠭᠢᠰ ᠢ ᠬᠤᠪᠢᠶᠠᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
14 ᠢᠰᠷᠧᠯ ᠢ ᠲᠡᠭᠦᠨ ᠦ ᠳᠤᠮᠳᠠᠭᠤᠷ ᠭᠠᠷᠭᠠᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
15 ᠹᠠᠷᠠᠣ᠋ ᠪᠠ ᠲᠡᠭᠦᠨ ᠦ ᠴᠡᠷᠢᠭ ᠢ ᠤᠯᠠᠭᠠᠨ ᠲᠠᠩᠭᠢᠰ ᠤᠷᠤᠭᠤ ᠭᠦᠪᠢᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
16 ᠠᠷᠠᠳ ᠲᠦᠮᠡᠨ ᠢᠶᠡᠨ ᠴᠥᠯ ᠢᠶᠡᠷ ᠤᠳᠤᠷᠢᠳᠤᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
17 ᠠᠭᠤᠤ ᠬᠠᠭᠠᠳ ᠢ ᠪᠤᠲᠠ ᠴᠣᠬᠢᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
18 ᠠᠯᠳᠠᠷ ᠲᠠᠢ ᠬᠠᠭᠠᠳ ᠢ ᠰᠥᠨᠥᠭᠡᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
19 ᠠᠮᠣᠷᠢᠴᠤᠳ ᠤᠨ ᠬᠠᠭᠠᠨ ᠰᠢᠬᠣᠨ ᠢ ᠰᠥᠨᠥᠭᠡᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
20 ᠪᠠᠱᠠᠨ ᠤ ᠬᠠᠭᠠᠨ ᠣᠭ ᠢ ᠰᠥᠨᠥᠭᠡᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
21 ᠨᠤᠲᠤᠭ ᠣᠷᠣᠨ ᠢ ᠨᠢ ᠥᠪ ᠪᠣᠯᠭᠠᠨ ᠥᠭᠭᠥᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
22 ᠥᠪᠡᠷ ᠦᠨ ᠢᠶᠠᠨ ᠵᠠᠷᠤᠴᠠ ᠢᠰᠷᠧᠯ ᠳᠤ ᠥᠪᠯᠡᠭᠦᠯᠦᠭᠰᠡᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
23 ᠪᠢᠳᠡᠨ ᠢ ᠳᠣᠣᠷᠠᠳᠤ ᠪᠠᠢᠬᠤ ᠳᠤ ᠰᠠᠨᠠᠭᠠᠯᠵᠠᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
24 ᠪᠢᠳᠡᠨ ᠢ ᠥᠰᠲᠡᠨ ᠨᠦᠭᠦᠳ ᠡᠴᠡ ᠮᠠᠨᠢ ᠠᠪᠤᠷᠠᠭᠰᠠᠨ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
25 ᠮᠢᠬᠠᠨ ᠪᠡᠶᠡᠲᠦ ᠪᠦᠬᠦᠨ ᠳᠦ ᠬᠣᠭᠣᠯᠠ ᠬᠦᠨᠡᠰᠦ ᠰᠣᠶᠣᠷᠬᠠᠳᠠᠭ ᠨᠢ ᠲᠡᠷᠡ ᠦᠨᠡᠨ ᠬᠠᠢᠷ᠎ᠠ ᠨᠢ ᠡᠭᠦᠷᠢᠳᠡ ᠶᠢᠨ ᠬᠢ
26 ᠲᠩᠷᠢ ᠶᠢᠨ ᠪᠤᠷᠬᠠᠨ ᠳᠤ ᠲᠠᠯᠠᠷᠬᠠᠭᠲᠤᠨ ᠦᠨᠡᠨ ᠬᠠᠢᠷ᠎ᠠ ᠨᠢ ᠡᠭᠦᠷᠢᠳᠡ ᠶᠢᠨ ᠬᠢ᠃