1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢᠨ ᠵᠢᠷᠭᠤᠭ᠎ᠠ
 ᠠᠶᠤᠯᠳᠤ ᠴᠠᠭ ᠳᠠᠬᠢ ᠪᠠᠲᠤ ᠢᠲᠡᠭᠡᠯ
 ᠳ᠋ᠠᠸᠢᠳ᠋ ᠤᠨ ᠮᠢᠺᠲᠠᠮ\f + \fr 56:0 \ft ᠢᠪᠷᠠᠢ ᠦᠭᠡ᠂ ᠤᠳᠬ᠎ᠠ ᠨᠢ ᠲᠣᠳᠣᠷᠬᠠᠢ ᠦᠭᠡᠢ᠂ ᠬᠥᠭᠵᠢᠮ ᠤᠨ ᠲᠣᠮᠢᠶ᠎ᠠ ᠪᠠᠢᠬ᠎ᠠ᠃\f*᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠠᠯᠤᠰ ᠲᠤ ᠴᠢᠮᠡᠭᠡ ᠦᠭᠡᠢ ᠪᠠᠢᠭ᠎ᠠ ᠲᠠᠭᠲᠠᠭ᠎ᠠ》 ᠶᠢᠨ ᠠᠶ᠎ᠠ ᠳᠡᠭᠡᠷ᠎ᠡ᠃ ᠹᠢᠯᠢᠰᠲ᠋ᠴᠦᠳ ᠳ᠋ᠠᠸᠢᠳ᠋ ᠢ ᠭᠠᠲ ᠳᠤ ᠪᠠᠷᠢᠭᠰᠠᠨ ᠦᠶ᠎ᠡ ᠳᠦ᠃

1 ᠪᠤᠷᠬᠠᠨ᠂ ᠨᠠᠮᠠᠶᠢ ᠡᠨᠡᠷᠢᠭᠡᠴᠢ ᠬᠥᠮᠦᠨ ᠨᠠᠮᠠᠶᠢ ᠭᠢᠰᠬᠢᠯᠡᠳᠡᠭ ᠳᠣᠪᠲᠣᠯᠣᠭᠴᠢ ᠨᠠᠮᠠᠶᠢ ᠳᠠᠷᠤᠯᠠᠵᠤ ᠪᠠᠢᠨ᠎ᠠ᠃

2 ᠮᠢᠨᠦ ᠳᠠᠢᠰᠤᠨ ᠨᠤᠭᠤᠳ ᠡᠳᠦᠷᠵᠢᠨ ᠨᠠᠮᠠᠶᠢ ᠭᠢᠰᠬᠢᠯᠡᠳᠡᠭ ᠦᠨᠡᠬᠡᠷ ᠣᠯᠠᠨ ᠬᠥᠮᠦᠨ ᠨᠠᠳᠠ ᠤᠷᠤᠭᠤ ᠳᠣᠪᠲᠣᠯᠵᠤ ᠪᠠᠢᠨ᠎ᠠ᠂ ᠬᠠᠮᠤᠭ ᠤᠨ ᠳᠡᠭᠡᠳᠦ ᠡᠵᠡᠨ᠂
3 ᠠᠢᠳᠠᠰ ᠲᠠᠢ ᠡᠳᠦᠷ ᠤᠳ ᠲᠡᠭᠡᠨ ᠪᠢ ᠲᠠᠨ ᠳᠤ ᠨᠠᠢᠳᠠᠨ᠎ᠠ᠃
4 ᠪᠢ ᠪᠤᠷᠬᠠᠨ ᠢ ᠦᠭᠡ ᠶᠢᠨ ᠬᠢᠨᠢ ᠤᠴᠢᠷ ᠢᠶᠠᠷ ᠮᠠᠭᠲᠠᠨ᠎ᠠ ᠪᠢ ᠪᠤᠷᠬᠠᠨ ᠳᠤ ᠢᠲᠡᠭᠡᠳᠡᠭ ᠪᠢ ᠠᠶᠤᠬᠤ ᠦᠭᠡᠢ ᠮᠢᠬᠠᠨ ᠪᠡᠶᠡᠲᠦ ᠬᠥᠮᠦᠨ ᠨᠠᠳᠠ ᠳᠤ ᠶᠠᠭᠤ ᠬᠢᠬᠦ ᠪᠢᠯᠡ︖
5 ᠡᠳᠦᠷ ᠪᠣᠯᠭᠠᠨ ᠲᠡᠳᠡ ᠦᠭᠡᠰ ᠢ ᠮᠢᠨᠢ ᠭᠤᠢᠪᠢᠭᠤᠯᠵᠤ ᠨᠠᠮᠠᠶᠢ ᠬᠣᠣᠷᠯᠠᠬᠤ ᠶᠢ ᠯᠠ ᠪᠣᠳᠣᠵᠤ ᠪᠠᠢᠨ᠎ᠠ᠃
6 ᠲᠡᠳᠡ ᠮᠠᠷᠭᠤᠭᠠᠨ ᠰᠡᠳᠦᠭᠡᠳ ᠨᠢᠭᠤᠭᠳᠠᠵᠤ ᠠᠮᠢ ᠶᠢ ᠮᠢᠨᠢ ᠠᠪᠬᠤ ᠪᠠᠷ ᠠᠯᠬᠤᠮ ᠤᠳ ᠢ ᠮᠢᠨᠢ ᠠᠵᠢᠭᠯᠠᠵᠤ ᠪᠠᠢᠨ᠎ᠠ᠃
7 ᠭᠡᠮ ᠲᠡᠢ ᠠᠲᠠᠯ᠎ᠠ ᠲᠡᠳᠡ ᠬᠡᠯᠲᠦᠷᠢᠨ᠎ᠡ ᠭᠡᠵᠢ ᠤᠤ︖ ᠬᠢᠯᠢᠩ ᠢᠶᠠᠷ ᠢᠶᠠᠨ ᠲᠡᠳᠡᠭᠡᠷ ᠬᠥᠮᠦᠰ ᠢ ᠪᠠᠭᠤᠯᠭᠠᠭᠠᠴᠢ᠂ ᠪᠤᠷᠬᠠᠨ ᠮᠢᠨᠢ᠃

8 ᠲᠥᠭᠡᠷᠢᠭᠳᠡᠯ ᠪᠦᠷᠢ ᠶᠢ ᠮᠢᠨᠢ ᠲᠠ ᠲᠣᠭᠠᠯᠠᠭᠰᠠᠭᠠᠷ ᠪᠠᠢᠭᠰᠠᠨ᠂ ᠨᠢᠯᠪᠤᠰᠤ ᠶᠢ ᠮᠢᠨᠢ ᠲᠤᠯᠤᠮ ᠳᠠᠭᠠᠨ ᠣᠷᠣᠭᠤᠯᠤᠭᠠᠴᠢ᠂ ᠲᠠᠨ ᠤ ᠨᠣᠮ ᠳᠤ ᠲᠡᠳᠡ ᠪᠠᠢᠭ᠎ᠠ ᠪᠢᠰᠢ ᠤᠤ︖
9 ᠪᠢ ᠲᠠᠨ ᠢ ᠳᠠᠭᠤᠳᠠᠬᠤ ᠡᠳᠦᠷ ᠳᠠᠢᠰᠤᠨ ᠨᠤᠭᠤᠳ ᠤᠬᠤᠷᠢᠨ᠎ᠠ ᠪᠤᠷᠬᠠᠨ ᠮᠢᠨᠦ ᠲᠠᠯ᠎ᠠ ᠳᠤ ᠪᠠᠢᠭ᠎ᠠ ᠶᠢ ᠪᠢ ᠡᠭᠦᠨ ᠢᠶᠡᠷ ᠮᠡᠳᠡᠨ᠎ᠡ᠃
10 ᠪᠢ ᠪᠤᠷᠬᠠᠨ ᠢ ᠦᠭᠡ ᠶᠢᠨ ᠬᠢᠨᠢ ᠤᠴᠢᠷ ᠢᠶᠠᠷ ᠮᠠᠭᠲᠠᠨ᠎ᠠ ᠪᠢ ᠶᠣᠬᠣᠸᠠ ᠶᠢ ᠦᠭᠡ ᠶᠢᠨ ᠬᠢᠨᠢ ᠤᠴᠢᠷ ᠢᠶᠠᠷ ᠮᠠᠭᠲᠠᠨ᠎ᠠ᠂
11 ᠪᠢ ᠪᠤᠷᠬᠠᠨ ᠳᠤ ᠢᠲᠡᠭᠡᠳᠡᠭ ᠪᠢ ᠠᠶᠤᠬᠤ ᠦᠭᠡᠢ ᠮᠢᠬᠠᠨ ᠪᠡᠶᠡᠲᠦ ᠬᠥᠮᠦᠨ ᠨᠠᠳᠠ ᠳᠤ ᠶᠠᠭᠤ ᠬᠢᠬᠦ ᠪᠢᠯᠡ︖
12 ᠲᠠᠩ᠋ᠭᠠᠷᠢᠭ ᠮᠢᠨᠢ ᠨᠠᠳᠠ ᠳᠡᠭᠡᠷ᠎ᠡ ᠪᠠᠢᠨ᠎ᠠ᠂ ᠪᠤᠷᠬᠠᠨ ᠮᠢᠨᠢ ᠲᠠᠯᠠᠷᠬᠠᠯ ᠤᠨ ᠡᠷᠭᠦᠯ ᠢ ᠪᠢ ᠲᠠᠨ ᠳᠤ ᠡᠷᠭᠦᠶ᠎ᠡ᠃
13 ᠤᠴᠢᠷ ᠨᠢ ᠲᠠ ᠠᠮᠢ ᠶᠢ ᠮᠢᠨᠢ ᠦᠬᠦᠯ ᠡᠴᠡ ᠠᠪᠤᠷᠠᠪᠠ ᠪᠤᠷᠬᠠᠨ᠂ ᠠᠮᠢ ᠶᠢᠨ ᠭᠡᠷᠡᠯ ᠳᠤᠮᠳᠠ ᠥᠪᠡᠷ ᠦᠨ ᠢᠶᠠᠨ ᠡᠮᠦᠨ᠎ᠡ ᠠᠯᠬᠤᠭᠤᠯᠬᠤ ᠪᠠᠷ ᠮᠢᠨᠦ ᠬᠥᠯ ᠢ ᠲᠠ ᠪᠦᠳᠦᠷᠢᠯ ᠡᠴᠡ ᠠᠪᠤᠷᠠᠵᠠᠢ᠃