1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠴᠢᠨ ᠳᠥᠷᠪᠡ
 ᠪᠤᠷᠬᠠᠨ ᠠᠷᠠᠳ ᠲᠦᠮᠡᠨ ᠢᠶᠡᠨ ᠣᠷᠬᠢᠭᠰᠠᠨ ᠭᠡᠵᠢ ᠤᠤ︖
 ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠺᠣᠷᠠ ᠶᠢᠨ ᠬᠣᠢᠴᠢᠰ ᠤᠨ ᠰᠤᠷᠭᠠᠯᠲᠤ ᠳᠠᠭᠤᠯᠠᠯ᠃

1 ᠥ᠂ ᠪᠤᠷᠬᠠᠨ᠂ ᠪᠢᠳᠡ ᠴᠢᠬᠢ ᠪᠠᠷ ᠢᠶᠠᠨ ᠰᠣᠨᠣᠰᠣᠯ᠎ᠠ᠃ ᠡᠷᠲᠡᠨ ᠦ ᠡᠳᠦᠷ ᠤᠳ ᠲᠤ ᠪᠢᠳᠡᠨ ᠦ ᠡᠪᠦᠭᠡᠳ ᠦᠨ ᠦᠶ᠎ᠡ ᠳᠦ ᠲᠠᠨ ᠤ ᠦᠢᠯᠡᠳᠦᠭᠰᠡᠨ ᠵᠦᠢᠯᠡᠰ ᠢ ᠲᠡᠳᠡ ᠪᠢᠳᠡᠨ ᠳᠦ ᠶᠠᠷᠢᠭᠰᠠᠨ᠂
2 ᠲᠠ ᠥᠪᠡᠷ ᠦᠨ ᠢᠶᠠᠨ ᠮᠤᠲᠤᠷ ᠢᠶᠠᠷ ᠦᠨᠳᠦᠰᠦᠲᠡᠨ ᠨᠦᠭᠦᠳ ᠢ ᠵᠠᠢᠯᠠᠭᠤᠯᠵᠤ ᠡᠪᠦᠭᠡᠳ ᠢ ᠮᠠᠨᠢ ᠰᠠᠭᠤᠷᠢᠰᠢᠭᠤᠯᠤᠭᠰᠠᠨ ᠪᠢᠯᠡ᠂ ᠲᠠ ᠶᠠᠰᠤᠲᠠᠨ ᠨᠤᠭᠤᠳ ᠲᠤ ᠵᠣᠪᠠᠯᠠᠩ ᠤᠴᠠᠷᠠᠭᠤᠯᠵᠤ ᠡᠪᠦᠭᠡᠳ ᠢ ᠮᠢᠨᠢ ᠴᠢᠯᠥᠭᠡᠯᠡᠭᠰᠡᠨ ᠪᠢᠯᠡ᠃
3 ᠥᠪᠡᠷᠰᠡᠳ ᠦᠨ ᠢᠶᠠᠨ ᠢᠯᠳᠦ ᠪᠡᠷ ᠲᠡᠷᠡ ᠨᠤᠲᠤᠭ ᠢ ᠥᠪᠯᠡᠭᠰᠡᠨ ᠪᠢᠰᠢ ᠥᠪᠡᠷᠰᠡᠳ ᠦᠨ ᠢᠶᠠᠨ ᠭᠠᠷ ᠢᠶᠠᠷ ᠢᠯᠠᠯᠲᠠ ᠶᠢ ᠠᠪᠴᠢᠷᠠᠭᠰᠠᠨ ᠪᠢᠰᠢ᠂ ᠬᠠᠷᠢᠨ ᠳ᠋ᠠᠨ ᠤ ᠮᠤᠲᠤᠷ ᠢᠶᠠᠷ᠂ ᠲᠠᠨ ᠤ ᠪᠠᠷᠠᠭᠤᠨ ᠮᠤᠲᠤᠷ ᠢᠶᠠᠷ᠂ ᠲᠠᠨ ᠤ ᠨᠢᠭᠤᠷ ᠤᠨ ᠭᠡᠷᠡᠯ ᠢᠶᠡᠷ ᠪᠢᠯᠡ᠂ ᠤᠴᠢᠷ ᠨᠢ ᠲᠠ ᠲᠡᠳᠡᠨ ᠢ ᠲᠠᠭᠠᠯᠠᠭᠰᠠᠨ ᠶᠤᠮ᠃

4 ᠲᠠ ᠪᠣᠯ ᠮᠢᠨᠦ ᠪᠤᠷᠬᠠᠨ᠂ ᠮᠢᠨᠦ ᠬᠠᠭᠠᠨ ᠲᠠ ᠶᠠᠺᠣᠪ ᠲᠤ ᠢᠯᠠᠯᠲᠠ ᠶᠢ ᠰᠣᠶᠣᠷᠬᠠᠨ᠎ᠠ ᠤᠤ︖
5 ᠲᠠᠨ ᠤ ᠠᠴᠢ ᠪᠠᠷ ᠪᠢᠳᠡ ᠳᠠᠢᠰᠤᠨ ᠨᠤᠭᠤᠳ ᠢᠶᠠᠨ ᠬᠥᠭᠡᠭᠡᠨ᠎ᠡ᠂ ᠲᠠᠨ ᠤ ᠠᠯᠳᠠᠷ ᠢᠶᠠᠷ ᠪᠢᠳᠡ ᠡᠰᠡᠷᠭᠦ ᠡᠴᠡ ᠮᠢᠨᠢ ᠪᠣᠰᠣᠭᠴᠢᠳ ᠢᠶᠠᠨ ᠭᠢᠰᠬᠢᠴᠢᠨ᠎ᠡ᠃
6 ᠪᠢ ᠨᠤᠮᠤᠨ ᠳᠠᠭᠠᠨ ᠨᠠᠢᠳᠠᠬᠤ ᠦᠭᠡᠢ ᠮᠢᠨᠦ ᠢᠯᠳᠦ ᠴᠤ ᠨᠠᠮᠠᠶᠢ ᠠᠪᠤᠷᠠᠬᠤ ᠦᠭᠡᠢ᠂
7 ᠲᠠ ᠯᠠ ᠪᠢᠳᠡᠨ ᠢ ᠳᠠᠢᠰᠤᠨ ᠨᠤᠭᠤᠳ ᠠᠴᠠ ᠠᠪᠤᠷᠠᠳᠠᠭ ᠪᠢᠳᠡᠨ ᠢ ᠦᠵᠡᠨ ᠶᠠᠳᠠᠭᠴᠢᠳ ᠢ ᠢᠴᠢᠭᠦᠷᠢ ᠳᠤ ᠣᠷᠣᠭᠤᠯᠳᠠᠭ᠃
8 ᠪᠢᠳᠡ ᠡᠳᠦᠷᠵᠢᠨ ᠪᠤᠷᠬᠠᠨ ᠢᠶᠠᠷ ᠪᠠᠬᠠᠷᠬᠠᠳᠠᠭ ᠡᠭᠦᠷᠢᠳᠡ ᠲᠠᠨ ᠤ ᠠᠯᠳᠠᠷ ᠲᠤ ᠲᠠᠯᠠᠷᠬᠠᠨ᠎ᠠ᠃
 
ᠰᠧᠯᠠ


9 ᠭᠡᠲᠡᠯ᠎ᠡ ᠣᠳᠣ ᠲᠠ ᠪᠢᠳᠡᠨ ᠢ ᠣᠷᠬᠢᠵᠤ᠂ ᠰᠢᠪᠰᠢᠭ ᠪᠣᠯᠭᠠᠵᠠᠢ ᠲᠠ ᠪᠢᠳᠡᠨ ᠦ ᠴᠡᠷᠢᠭ ᠤᠳ ᠲᠠᠢ ᠬᠠᠮᠲᠤ ᠭᠠᠷᠬᠤ ᠦᠭᠡᠢ ᠪᠠᠢᠨ᠎ᠠ᠃
10 ᠲᠠ ᠪᠢᠳᠡᠨ ᠢ ᠳᠠᠢᠰᠤᠨ ᠨᠤᠭᠤᠳ ᠠᠴᠠ ᠵᠢᠭᠤᠲᠠᠭᠤᠯᠵᠤ ᠪᠢᠳᠡ ᠥᠰᠲᠡᠳ ᠲᠡᠭᠡᠨ ᠲᠣᠨᠣᠭᠤᠯᠪᠠ᠃
11 ᠲᠠ ᠪᠢᠳᠡᠨ ᠢ ᠢᠳᠡᠰᠢᠨ ᠤ ᠬᠣᠨᠢ ᠰᠢᠭ᠋ ᠪᠣᠯᠭᠠᠵᠤ ᠦᠨᠳᠦᠰᠦᠲᠡᠨ ᠨᠦᠭᠦᠳ ᠦᠨ ᠳᠤᠮᠳᠠ ᠪᠤᠲᠠᠷᠠᠭᠠᠭᠰᠠᠨ᠂
12 ᠥᠨᠳᠥᠷ ᠦᠨ᠎ᠡ ᠱᠠᠭᠠᠷᠳᠠᠯ ᠦᠭᠡᠢ ᠥᠪᠡᠷ ᠦᠨ ᠢᠶᠠᠨ ᠠᠷᠠᠳ ᠲᠦᠮᠡᠨ ᠢ ᠬᠢᠮᠳᠠ ᠪᠠᠷ ᠬᠤᠳᠠᠯᠳᠤᠵᠠᠢ᠂
13 ᠲᠠ ᠪᠢᠳᠡᠨ ᠢ ᠬᠥᠷᠰᠢ ᠨᠦᠭᠦᠳ ᠲᠦ ᠮᠠᠨᠢ ᠱᠣᠣᠯᠠᠭᠤᠯᠪᠠ ᠡᠷᠭᠢᠨ ᠲᠣᠭᠣᠷᠢᠨ ᠤ ᠮᠠᠨᠢ ᠡᠯᠡᠭ ᠳᠣᠭᠣᠭᠢ ᠪᠣᠯᠭᠠᠪᠠ᠂
14 ᠲᠠ ᠪᠢᠳᠡᠨ ᠢ ᠭᠦᠷᠦᠨ ᠨᠦᠭᠦᠳ ᠦᠨ ᠳᠤᠮᠳᠠ ᠠᠮᠠᠨ ᠤ ᠵᠤᠭ᠎ᠠ ᠦᠨᠳᠦᠰᠦᠲᠡᠨ ᠨᠦᠭᠦᠳ ᠦᠨ ᠳᠤᠮᠳᠠ ᠢᠨᠢᠶᠡᠳᠦᠮ ᠪᠣᠯᠭᠠᠪᠠ᠂
15 ᠭᠤᠲᠤᠮᠰᠢᠭ ᠮᠢᠨᠦ ᠡᠮᠦᠨ᠎ᠡ ᠡᠳᠦᠷᠵᠢᠨ ᠪᠠᠢᠭᠰᠠᠭᠠᠷ ᠢᠴᠢᠭᠦᠷᠢ ᠨᠢᠭᠤᠷ ᠢ ᠮᠢᠨᠢ ᠪᠦᠲᠡᠭᠡᠭᠰᠡᠨ ᠨᠢ
16 ᠬᠠᠷᠢᠶᠠᠯ ᠳᠣᠷᠣᠮᠵᠢᠯᠠᠯ ᠤᠨ ᠳᠠᠭᠤ ᠶᠢᠨ ᠤᠯᠠᠮ ᠠᠴᠠ᠂ ᠳᠠᠢᠰᠤᠨ᠂ ᠥᠰᠢᠶ᠎ᠡ ᠠᠪᠤᠭᠴᠢ ᠲᠠᠢ ᠪᠠᠨ ᠨᠢᠭᠤᠷᠯᠠᠭᠰᠠᠨ ᠤ ᠤᠯᠠᠮ ᠠᠴᠠ ᠶᠤᠮ᠃

17 ᠡᠨᠡ ᠪᠦᠬᠦᠨ ᠪᠢᠳᠡᠨ ᠳᠦ ᠲᠣᠬᠢᠶᠠᠯᠳᠤᠵᠠᠢ᠂ ᠬᠠᠷᠢᠨ ᠪᠢᠳᠡ ᠲᠠᠨ ᠢ ᠮᠠᠷᠲᠠᠭ᠎ᠠ ᠦᠭᠡᠢ ᠲᠠᠨ ᠤ ᠭᠡᠷ᠎ᠡ ᠶᠢ ᠵᠥᠷᠢᠴᠡᠭᠡ ᠦᠭᠡᠢ
18 ᠪᠢᠳᠡᠨ ᠦ ᠰᠡᠳᠬᠢᠯ ᠡᠷᠭᠢᠭᠡ ᠦᠭᠡᠢ ᠪᠢᠳᠡᠨ ᠦ ᠠᠯᠬᠤᠮ ᠲᠠᠨ ᠤ ᠵᠠᠮ ᠠᠴᠠ ᠬᠠᠵᠠᠢᠭ᠎ᠠ ᠦᠭᠡᠢ᠂
19 ᠬᠠᠷᠢᠨ ᠲᠠ ᠪᠢᠳᠡᠨ ᠢ ᠴᠢᠨᠣ᠎ᠠ ᠶᠢᠨ ᠡᠭᠦᠷ ᠲᠦ ᠣᠷᠣᠭᠤᠯᠵᠤ ᠦᠬᠦᠯ ᠦᠨ ᠰᠡᠭᠦᠳᠡᠷ ᠢᠶᠡᠷ ᠬᠤᠴᠢᠪᠠ᠃

20 ᠬᠡᠷᠪᠡ ᠪᠢᠳᠡ ᠪᠤᠷᠬᠠᠨ ᠤ ᠪᠠᠨ ᠨᠡᠷ᠎ᠡ ᠶᠢ ᠮᠠᠷᠲᠠᠵᠤ ᠭᠠᠷ ᠢᠶᠠᠨ ᠬᠠᠷᠢ ᠶᠢᠨ ᠪᠤᠷᠬᠠᠨ ᠤᠷᠤᠭᠤ ᠰᠤᠩ᠋ᠭᠠᠭᠰᠠᠨ ᠪᠣᠯ᠂
21 ᠵᠢᠷᠦᠬᠡᠨ ᠦ ᠨᠢᠭᠤᠴᠠ ᠶᠢ ᠮᠡᠳᠡᠳᠡᠭ ᠪᠤᠷᠬᠠᠨ ᠡᠭᠦᠨ ᠢ ᠣᠯᠵᠤ ᠢᠯᠡᠷᠡᠭᠦᠯᠬᠦ ᠦᠭᠡᠢ ᠪᠠᠢᠭᠰᠠᠨ ᠭᠡᠵᠢ ᠤᠤ︖
22 ᠬᠠᠷᠢᠨ ᠲᠠᠨ ᠤ ᠤᠯᠠᠮ ᠢᠶᠠᠷ ᠪᠢᠳᠡ ᠡᠳᠦᠷ ᠪᠦᠷᠢ ᠠᠯᠠᠭᠤᠯᠳᠠᠭ ᠪᠢᠳᠡ ᠢᠳᠡᠰᠢᠨ ᠤ ᠬᠣᠨᠢᠨ ᠳᠤ ᠲᠣᠭᠠᠴᠠᠭᠳᠠᠳᠠᠭ᠃
23 ᠡᠵᠡᠨ᠂ ᠪᠣᠰᠣᠭᠠᠴᠢ᠂ ᠲᠠ ᠶᠠᠭᠠᠬᠢᠭᠠᠳ ᠨᠣᠢᠷᠰᠣᠭᠰᠠᠭᠠᠷ ᠪᠠᠢᠨ᠎ᠠ ᠪᠤᠢ︖ ᠰᠡᠷᠢᠭᠡᠴᠢ᠂ ᠪᠢᠳᠡᠨ ᠢ ᠪᠦᠦ ᠡᠭᠦᠷᠢᠳᠡ ᠣᠷᠬᠢᠭᠠᠴᠢ᠃
24 ᠲᠠ ᠶᠠᠭᠤᠨ ᠳᠤ ᠨᠢᠭᠤᠷ ᠢᠶᠠᠨ ᠨᠢᠭᠤᠵᠤ ᠪᠢᠳᠡᠨ ᠦ ᠵᠣᠪᠠᠯᠠᠩ᠂ ᠪᠢᠳᠡᠨ ᠦ ᠳᠠᠷᠤᠮᠲᠠ ᠶᠢ ᠮᠠᠷᠲᠠᠨ᠎ᠠ ᠪᠤᠢ︖
25 ᠰᠦᠨᠡᠰᠦ ᠮᠠᠨᠢ ᠰᠢᠷᠣᠢ ᠳᠤ ᠰᠢᠭᠢᠳᠦᠨ ᠪᠡᠶ᠎ᠡ ᠮᠢᠨᠢ ᠭᠠᠵᠠᠷ ᠲᠤ ᠨᠠᠭᠠᠯᠳᠤᠵᠠᠢ᠃
26 ᠪᠣᠰᠣᠭᠠᠳ᠂ ᠲᠤᠰᠠᠯᠠᠭᠠᠴᠢ᠂ ᠦᠨᠡᠨ ᠬᠠᠢᠷ᠎ᠠ ᠪᠠᠷ ᠢᠶᠠᠨ ᠪᠢᠳᠡᠨ ᠢ ᠵᠣᠯᠢᠨ ᠠᠪᠤᠭᠠᠴᠢ᠃