1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠭᠤᠭ᠎ᠠ
 ᠭᠡᠮᠰᠢᠯ ᠤᠨ ᠭᠤᠶᠤᠯᠲᠠ
 ᠳ᠋ᠠᠸᠢᠳ᠋ ᠤᠨ ᠳᠠᠭᠤᠯᠠᠯ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠤᠲᠠᠰᠤᠲᠤ ᠬᠥᠭᠵᠢᠮ᠂ ᠨᠠᠢ᠌ᠮᠠᠨ ᠤᠲᠠᠰᠤᠲᠤ ᠬᠤᠭᠤᠷ ᠳᠡᠭᠡᠷ᠎ᠡ᠃

1 ᠶᠣᠬᠣᠸᠠ ᠡ᠂ ᠠᠭᠤᠷ ᠢᠶᠠᠷ ᠢᠶᠠᠨ ᠨᠠᠮᠠᠶᠢ ᠪᠦᠦ ᠵᠢᠮᠡᠯᠡᠭᠡᠴᠢ ᠬᠢᠯᠢᠩ ᠢᠶᠠᠷ ᠢᠶᠠᠨ ᠨᠠᠮᠠᠶᠢ ᠪᠦᠦ ᠭᠡᠰᠬᠡᠭᠡᠴᠢ᠃
2 ᠶᠠᠳᠠᠷᠠᠭᠤ ᠨᠠᠮᠠᠶᠢ ᠡᠨᠡᠷᠢᠭᠡᠴᠢ᠂ ᠶᠣᠬᠣᠸᠠ ᠡ᠂ ᠶᠠᠩᠭᠢᠨᠠᠬᠤ ᠶᠠᠰᠤ ᠶᠢ ᠮᠢᠨᠢ ᠡᠳᠡᠭᠡᠭᠡᠭᠡᠴᠢ᠂ ᠶᠣᠬᠣᠸᠠ ᠡ᠂
3 ᠰᠡᠳᠬᠢᠯ ᠮᠢᠨᠢ ᠶᠡᠬᠡ ᠪᠡᠷ ᠲᠡᠪᠡᠳᠡᠪᠡ᠂ ᠬᠠᠷᠢᠨ ᠶᠣᠬᠣᠸᠠ ᠡ᠂ ᠲᠠ ᠬᠡᠳᠦᠢ ᠤᠳᠠᠬᠤ ᠶᠤᠮ ᠪᠤᠢ︖

4 ᠡᠷᠭᠢᠵᠦ ᠢᠷᠡᠭᠡᠳ ᠠᠮᠢ ᠶᠢ ᠮᠢᠨᠢ ᠬᠡᠯᠲᠦᠷᠢᠭᠦᠯᠦᠭᠡᠴᠢ᠂ ᠦᠨᠡᠨ ᠬᠠᠢᠷ᠎ᠠ ᠶᠢᠨ ᠢᠶᠠᠨ ᠤᠯᠠᠮ ᠠᠴᠠ ᠨᠠᠮᠠᠶᠢ ᠠᠪᠤᠷᠠᠭᠠᠴᠢ᠃
5 ᠦᠬᠦᠳᠡᠯ ᠲᠠᠨ ᠢ ᠦᠯᠦ ᠳᠤᠷᠠᠰᠤᠨ᠎ᠠ᠂ ᠦᠬᠦᠭᠰᠡᠳ ᠦᠨ ᠣᠷᠣᠨ ᠳᠤ ᠬᠡᠨ ᠲᠠᠨ ᠢ ᠮᠠᠭᠲᠠᠬᠤ ᠪᠤᠢ︖
6 ᠰᠡᠭᠦᠷᠡᠰᠦᠯᠡᠭᠰᠡᠭᠡᠷ ᠪᠢ ᠵᠦᠳᠡᠷᠡᠪᠡ᠂ ᠰᠥᠨᠢᠵᠢᠨ ᠢᠶᠠᠨ ᠪᠢ ᠨᠢᠯᠪᠤᠰᠤ ᠪᠠᠷ ᠢᠶᠠᠨ ᠣᠷᠣ ᠪᠠᠨ ᠵᠢᠪᠪᠦᠭᠦᠯᠵᠦ ᠢᠰᠠᠷᠢ ᠪᠠᠨ ᠳᠡᠪᠲᠦᠭᠡᠪᠡ᠂
7 ᠤᠢ ᠭᠠᠰᠢᠭᠤ ᠳᠠᠭᠠᠨ ᠨᠢᠳᠦᠨ ᠦ ᠮᠢᠨᠢ ᠭᠠᠯ ᠪᠦᠳᠡᠭᠢᠷᠡᠵᠦ ᠥᠰᠲᠡᠨ ᠨᠦᠭᠦᠳ ᠡᠴᠡ ᠮᠢᠨᠢ ᠪᠣᠯᠵᠤ ᠪᠥᠬᠥᠪᠡ᠃

8 ᠮᠠᠭᠤ ᠶᠢ ᠦᠢᠯᠡᠳᠦᠭᠴᠢ ᠲᠠ ᠪᠦᠭᠦᠳᠡ ᠨᠠᠳᠠ ᠠᠴᠠ ᠬᠣᠯᠠᠳᠠ ᠮᠢᠨᠦ ᠤᠬᠢᠯᠠᠬᠤ ᠳᠠᠭᠤ ᠶᠢ ᠶᠣᠬᠣᠸᠠ ᠰᠣᠨᠣᠰᠣᠯ᠎ᠠ᠃
9 ᠶᠣᠬᠣᠸᠠ ᠬᠦᠰᠡᠯᠲᠡ ᠶᠢ ᠮᠢᠨᠢ ᠰᠣᠨᠣᠰᠣᠭᠰᠠᠨ ᠶᠣᠬᠣᠸᠠ ᠳᠠᠭᠠᠳᠬᠠᠯ ᠢ ᠮᠢᠨᠢ ᠬᠦᠯᠢᠶᠡᠨ ᠠᠪᠳᠠᠭ᠃
10 ᠬᠠᠮᠤᠭ ᠳᠠᠢᠰᠤᠨ ᠮᠢᠨᠢ ᠢᠴᠢᠵᠦ᠂ ᠶᠡᠬᠡᠳᠡ ᠰᠠᠨᠳᠤᠷᠤᠨ᠎ᠠ ᠢᠴᠢᠭᠡᠳ ᠬᠣᠷᠣᠮᠬᠠᠨ᠎ᠠ ᠪᠤᠴᠠᠨ᠎ᠠ᠃