ᠳᠠᠭᠤᠯᠠᠯ ᠶᠢᠰᠦ
ᠵᠥᠪ ᠰᠢᠳᠬᠡᠯ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠮᠦᠲ ᠯᠠᠪᠧᠨ ᠳᠡᠭᠡᠷ᠎ᠡ᠃
1 ᠪᠢ ᠪᠦᠬᠦ ᠵᠢᠷᠦᠬᠡ ᠪᠡᠷ ᠢᠶᠠᠨ ᠶᠣᠬᠣᠸᠠ ᠶᠢ ᠮᠠᠭᠲᠠᠨ᠎ᠠ ᠪᠢ ᠲᠠᠨ ᠤ ᠪᠦᠬᠦ ᠭᠠᠢᠬᠠᠮᠰᠢᠭ ᠢ ᠲᠣᠭᠠᠴᠢᠨ᠎ᠠ᠃
2 ᠪᠢ ᠲᠠᠨ ᠤ ᠳᠣᠲᠣᠷ᠎ᠠ ᠪᠠᠶᠠᠷᠯᠠᠨ ᠪᠠᠶᠠᠰᠤᠨ᠎ᠠ ᠬᠠᠮᠤᠭ ᠤᠨ ᠳᠡᠭᠡᠳᠦ ᠲᠠᠨ ᠤ ᠨᠡᠷ᠎ᠡ ᠳᠦ ᠪᠢ ᠳᠠᠭᠤᠤ ᠡᠷᠭᠦᠨ᠎ᠡ᠃
3 ᠳᠠᠢᠰᠤᠨ ᠨᠤᠭᠤᠳ ᠮᠢᠨᠢ ᠤᠬᠤᠷᠢᠬᠤ ᠳᠠᠭᠠᠨ ᠲᠠᠨ ᠤ ᠡᠮᠦᠨ᠎ᠡ ᠪᠦᠳᠦᠷᠢᠨ ᠰᠥᠨᠥᠬᠦ ᠪᠣᠯᠣᠨ᠎ᠠ᠃
4 ᠵᠥᠪ ᠰᠢᠭᠦᠭᠴᠢ ᠲᠠ ᠰᠡᠨᠲᠢ ᠳᠡᠭᠡᠨ ᠵᠠᠯᠠᠷᠠᠵᠤ ᠰᠢᠳᠤᠷᠭᠤ ᠵᠠᠷᠭᠤ ᠶᠢ ᠮᠢᠨᠢ ᠳᠡᠮᠵᠢᠭᠰᠡᠨ᠂
5 ᠦᠨᠳᠦᠰᠦᠲᠡᠨ ᠨᠦᠭᠦᠳ ᠢ ᠵᠢᠮᠡᠯᠡᠵᠦ ᠪᠤᠷᠤᠭᠤᠲᠠᠳ ᠢ ᠰᠥᠨᠥᠭᠡᠨ ᠨᠡᠷ᠎ᠡ ᠶᠢ ᠨᠢ ᠡᠭᠦᠷᠢᠳᠡ ᠮᠥᠩᠬᠡ ᠪᠠᠯᠠᠯᠤᠭᠰᠠᠨ᠃
6 ᠳᠠᠢᠰᠤᠨ ᠡᠭᠦᠷᠢᠳᠡ ᠶᠢᠨ ᠰᠦᠢᠷᠡᠯ ᠢᠶᠡᠷ ᠲᠡᠭᠦᠰᠴᠡᠢ ᠲᠠ ᠬᠣᠲᠠ ᠨᠤᠭᠤᠳ ᠢ ᠨᠢ ᠰᠦᠢᠷᠡᠭᠦᠯᠦᠭᠰᠡᠨ ᠲᠡᠳᠡᠨ ᠦ ᠲᠠᠯ᠎ᠠ ᠪᠠᠷ ᠳᠤᠷᠠᠰᠤᠭᠳᠠᠬᠤ ᠶᠠᠭᠤᠮ᠎ᠠ ᠦᠭᠡᠢ ᠪᠣᠯᠪᠠ᠃
7 ᠶᠣᠬᠣᠸᠠ ᠮᠥᠩᠬᠡᠳᠡ ᠵᠠᠯᠠᠷᠠᠨ᠎ᠠ ᠲᠡᠷᠡ ᠰᠢᠭᠦᠬᠦ ᠰᠡᠨᠲᠢ ᠪᠠᠨ ᠲᠣᠭᠲᠠᠭᠠᠪᠠ
8 ᠲᠡᠷᠡ ᠳᠡᠯᠡᠬᠡᠢ ᠶᠢ ᠵᠥᠪ ᠢᠶᠡᠷ ᠰᠢᠭᠦᠬᠦ ᠪᠣᠯᠣᠨ᠎ᠠ ᠲᠡᠷᠡ ᠦᠨᠳᠦᠰᠦᠲᠡᠨ ᠨᠦᠭᠦᠳ ᠢ ᠰᠢᠳᠤᠷᠭᠤ ᠪᠠᠷ ᠰᠢᠭᠦᠨ᠎ᠡ᠂
9 ᠶᠣᠬᠣᠸᠠ ᠪᠣᠯ ᠳᠠᠷᠤᠯᠠᠭᠳᠠᠭᠰᠠᠳ ᠤᠨ ᠬᠣᠷᠭᠣᠳᠠᠬᠤ ᠭᠠᠵᠠᠷ ᠪᠡᠷᠬᠡ ᠴᠠᠭ ᠤᠨ ᠪᠡᠬᠢᠯᠡᠯᠲᠡ᠃
10 ᠶᠣᠬᠣᠸᠠ᠂ ᠥᠪᠡᠷ ᠢ ᠲᠠᠨᠢ ᠬᠠᠢᠭᠴᠢᠳ ᠢ ᠲᠠ ᠣᠷᠬᠢᠳᠠᠭ ᠦᠭᠡᠢ᠂ ᠲᠠᠨ ᠤ ᠨᠡᠷ᠎ᠡ ᠶᠢ ᠮᠡᠳᠡᠭᠴᠢᠳ ᠲᠠᠨ ᠳᠤ ᠨᠠᠢᠳᠠᠨ᠎ᠠ᠃
11 ᠽᠢᠶᠣᠨ ᠳᠤ ᠵᠠᠯᠠᠷᠠᠭᠰᠠᠨ ᠶᠣᠬᠣᠸᠠ ᠳᠤ ᠳᠠᠭᠤᠤ ᠡᠷᠭᠦ ᠲᠡᠭᠦᠨ ᠦ ᠦᠢᠯᠡᠰ ᠢ ᠦᠨᠳᠦᠰᠦᠲᠡᠨ ᠨᠦᠭᠦᠳ ᠦᠨ ᠳᠤᠮᠳᠠ ᠲᠤᠩ᠋ᠬᠠᠭᠯᠠ᠃
12 ᠴᠢᠰᠤᠨ ᠤ ᠥᠰᠢᠶ᠎ᠡ ᠶᠢ ᠠᠪᠤᠭᠴᠢ ᠲᠡᠷᠡ ᠰᠠᠨᠠᠳᠠᠭ ᠵᠣᠪᠠᠭᠰᠠᠳ ᠤᠨ ᠬᠠᠰᠬᠢᠷᠬᠤ ᠶᠢ ᠲᠡᠷᠡ ᠮᠠᠷᠲᠠᠳᠠᠭ ᠦᠭᠡᠢ᠃
13 ᠶᠣᠬᠣᠸᠠ᠂ ᠨᠠᠮᠠᠶᠢ ᠡᠨᠡᠷᠢᠭᠡᠴᠢ ᠦᠬᠦᠯ ᠦᠨ ᠡᠭᠦᠳᠡᠨ ᠡᠴᠡ ᠨᠠᠮᠠᠶᠢ ᠡᠷᠭᠦᠳᠡᠭ ᠲᠠ ᠦᠵᠡᠨ ᠶᠠᠳᠠᠭᠴᠢᠳ ᠠᠴᠠ ᠪᠣᠯᠵᠤ ᠵᠣᠪᠠᠵᠤ ᠪᠠᠢᠭ᠎ᠠ ᠶᠢ ᠮᠢᠨᠢ ᠬᠠᠷᠠᠭᠠᠴᠢ᠃
14 ᠲᠡᠭᠡᠪᠡᠯ ᠪᠢ ᠲᠠᠨ ᠤ ᠮᠠᠭᠲᠠᠭᠤᠰᠢᠲᠠᠢ ᠦᠢᠯᠡᠰ ᠢ ᠽᠢᠶᠣᠨ ᠥᠬᠢᠨ ᠤ ᠬᠠᠭᠠᠯᠭ᠎ᠠ ᠨᠤᠭᠤᠳ ᠳᠡᠭᠡᠷ᠎ᠡ ᠲᠤᠩ᠋ᠬᠠᠭᠯᠠᠨ ᠲᠠᠨ ᠤ ᠠᠪᠤᠷᠠᠯ ᠳᠤ ᠪᠠᠶᠠᠰᠤᠨ᠎ᠠ᠃
15 ᠦᠨᠳᠦᠰᠦᠲᠡᠨ ᠨᠦᠭᠦᠳ ᠤᠬᠤᠭᠰᠠᠨ ᠨᠦᠬᠡᠨ ᠳᠡᠭᠡᠨ ᠤᠨᠠᠯ᠎ᠠ ᠥᠪᠡᠷᠰᠡᠳ ᠦᠨ ᠢᠶᠠᠨ ᠨᠢᠭᠤᠭᠰᠠᠨ ᠲᠣᠣᠷ ᠲᠤ ᠬᠥᠯ ᠢᠶᠡᠨ ᠣᠷᠣᠭᠤᠯᠤᠯ᠎ᠠ᠃
16 ᠶᠣᠬᠣᠸᠠ ᠭᠦᠢᠴᠡᠭᠡᠭᠰᠡᠨ ᠰᠢᠳᠬᠡᠯ ᠢᠶᠡᠷ ᠢᠶᠠᠨ ᠥᠪᠡᠷ ᠢ ᠪᠠᠨ ᠮᠡᠳᠡᠭᠦᠯᠵᠦ ᠪᠤᠷᠤᠭᠤᠲᠠᠨ ᠭᠠᠷ ᠢᠶᠠᠷ ᠢᠶᠠᠨ ᠬᠢᠭᠰᠡᠨ ᠤᠷᠠᠬᠠᠨ ᠳᠠᠭᠠᠨ ᠣᠷᠣᠨ᠎ᠠ᠃
ᠾᠢᠭᠭᠠᠶᠣᠨ᠂ ᠰᠧᠯᠠ
17 ᠪᠤᠷᠬᠠᠨ ᠢ ᠮᠠᠷᠲᠠᠳᠠᠭ ᠪᠤᠷᠤᠭᠤᠲᠠᠳ ᠪᠠ ᠪᠦᠬᠦ ᠦᠨᠳᠦᠰᠦᠲᠡᠨ ᠦᠬᠦᠭᠰᠡᠳ ᠦᠨ ᠣᠷᠣᠨ ᠤᠷᠤᠭᠤ ᠪᠤᠴᠠᠨ᠎ᠠ᠃
18 ᠬᠠᠷᠢᠨ ᠭᠠᠴᠢᠭᠳᠠᠭᠰᠠᠳ ᠡᠭᠦᠷᠢᠳᠡ ᠮᠠᠷᠲᠠᠭᠳᠠᠬᠤ ᠪᠢᠰᠢ ᠵᠣᠪᠠᠭᠰᠠᠳ ᠤᠨ ᠨᠠᠢᠳᠠᠯᠭ᠎ᠠ ᠮᠥᠩᠬᠡᠳᠡ ᠤᠰᠠᠳᠬᠤ ᠪᠢᠰᠢ᠃
19 ᠪᠣᠰᠣᠭᠠᠴᠢ ᠶᠣᠬᠣᠸᠠ᠂ ᠬᠥᠮᠦᠨ ᠢ ᠪᠦᠦ ᠢᠯᠠᠭᠤᠯᠤᠭᠠᠴᠢ ᠦᠨᠳᠦᠰᠦᠲᠡᠨ ᠨᠦᠭᠦᠳ ᠲᠠᠨ ᠤ ᠡᠮᠦᠨ᠎ᠡ ᠰᠢᠭᠦᠭᠳᠡᠭ᠂
20 ᠶᠣᠬᠣᠸᠠ᠂ ᠲᠡᠳᠡᠨ ᠢ ᠠᠢᠳᠠᠰ ᠲᠤ ᠠᠪᠲᠠᠭᠤᠯᠤᠭᠠᠴᠢ ᠦᠨᠳᠦᠰᠦᠲᠡᠨ ᠨᠦᠭᠦᠳ ᠥᠪᠡᠷ ᠢ ᠪᠠᠨ ᠬᠥᠮᠦᠨ ᠯᠠ ᠭᠡᠵᠦ ᠣᠢᠯᠠᠭᠠᠭ᠃
ᠰᠧᠯᠠ