ᠳᠠᠭᠤᠯᠠᠯ ᠳᠠᠯᠠᠨ ᠨᠠᠢ᠌ᠮᠠ
ᠲᠡᠦᠬᠡ ᠶᠢᠨ ᠰᠤᠷᠭᠠᠮᠵᠢ
ᠠᠰᠠᠹ ᠤᠨ ᠰᠤᠷᠭᠠᠯᠲᠤ ᠳᠠᠭᠤᠯᠠᠯ᠃
1 ᠠᠷᠠᠳ ᠲᠦᠮᠡᠨ ᠮᠢᠨᠢ ᠡ᠂ ᠰᠤᠷᠭᠠᠯ ᠢ ᠮᠢᠨᠢ ᠰᠣᠨᠣᠰ ᠠᠮᠠᠨ ᠤ ᠮᠢᠨᠢ ᠦᠭᠡᠨ ᠳᠦ ᠴᠢᠬᠢ ᠲᠠᠯᠪᠢ᠃
2 ᠪᠢ ᠦᠯᠢᠭᠡᠷᠯᠡᠯ ᠢᠶᠡᠷ ᠠᠮᠠ ᠨᠡᠭᠡᠭᠡᠨ ᠥᠨᠢ ᠡᠷᠲᠡᠨ ᠦ ᠨᠢᠭᠤᠴᠠᠯᠠᠭᠳᠠᠭᠰᠠᠨ ᠵᠦᠢᠯᠡᠰ ᠢ ᠭᠠᠷᠭᠠᠨ᠎ᠠ᠃
3 ᠲᠡᠳᠡᠭᠡᠷ ᠢ ᠮᠠᠨ ᠤ ᠬᠢᠨ ᠰᠣᠨᠣᠰᠣᠭᠰᠠᠨ᠂ ᠮᠡᠳᠡᠭᠰᠡᠨ ᠡᠴᠢᠭᠡ ᠡᠪᠦᠭᠡᠳ ᠮᠢᠨᠢ ᠪᠢᠳᠡᠨ ᠳᠦ ᠶᠠᠷᠢᠵᠤ ᠥᠭᠭᠥᠭᠰᠡᠨ᠃
4 ᠪᠢᠳᠡ ᠦᠷ᠎ᠡ ᠤᠳᠤᠮ ᠠᠴᠠ ᠪᠠᠨ ᠲᠡᠳᠡᠭᠡᠷ ᠢ ᠨᠢᠭᠤᠬᠤ ᠦᠭᠡᠢ ᠬᠣᠢᠴᠢ ᠦᠶ᠎ᠡ ᠶᠢᠨ ᠬᠢᠨ ᠳᠡᠭᠡᠨ ᠶᠣᠬᠣᠸᠠ ᠶᠢᠨ ᠮᠠᠭᠲᠠᠭᠠᠯ᠂ ᠲᠡᠭᠦᠨ ᠦ ᠴᠢᠳᠠᠯ᠂ ᠲᠡᠭᠦᠨ ᠦ ᠦᠢᠯᠡᠳᠦᠭᠰᠡᠨ ᠭᠠᠢᠬᠠᠮᠰᠢᠭ ᠤᠳ ᠢ ᠶᠠᠷᠢᠭᠰᠠᠭᠠᠷ ᠪᠠᠢᠬᠤ ᠪᠣᠯᠣᠨ᠎ᠠ᠃
5 ᠶᠣᠬᠣᠸᠠ ᠶᠠᠺᠣᠪ ᠲᠤ ᠵᠠᠷᠴᠢᠮ ᠢ ᠰᠣᠶᠣᠷᠬᠠᠵᠤ ᠢᠰᠷᠧᠯ ᠤᠨ ᠳᠤᠮᠳᠠ ᠬᠠᠤᠯᠢ ᠶᠢ ᠲᠣᠭᠲᠠᠭᠠᠬᠤ ᠳᠠᠭᠠᠨ 《ᠦᠷ᠎ᠡ ᠬᠡᠦᠬᠡᠳ ᠲᠡᠭᠡᠨ ᠲᠡᠳᠡᠭᠡᠷ ᠢ ᠮᠡᠳᠡᠭᠦᠯ》 ᠭᠡᠵᠦ ᠡᠴᠢᠭᠡ ᠡᠪᠦᠭᠡᠳ ᠲᠦ ᠮᠢᠨᠢ ᠲᠤᠰᠢᠶᠠᠭᠰᠠᠨ᠃
6 ᠡᠢᠮᠦ ᠡᠴᠡ ᠢᠷᠡᠬᠦ ᠦᠶ᠎ᠡ ᠶᠢᠨ ᠬᠢᠨ᠂ ᠬᠣᠢᠰᠢᠳᠠ ᠲᠥᠷᠥᠬᠦ ᠬᠡᠦᠬᠡᠳ ᠤᠳ ᠡᠳᠡᠭᠡᠷ ᠢ ᠮᠡᠳᠡᠵᠦ ᠬᠣᠵᠢᠮ ᠨᠢ ᠲᠡᠳᠡ ᠪᠣᠰᠴᠤ ᠬᠡᠦᠬᠡᠳ ᠤᠳ ᠲᠡᠭᠡᠨ ᠶᠠᠷᠢᠭᠰᠠᠭᠠᠷ ᠪᠠᠢᠬᠤ ᠪᠣᠯᠣᠨ᠎ᠠ᠂
7 ᠲᠡᠳᠡ ᠴᠤ ᠪᠤᠷᠬᠠᠨ ᠤ ᠦᠢᠯᠡᠰ ᠢ ᠦᠯᠦ ᠮᠠᠷᠲᠠᠨ ᠪᠤᠷᠬᠠᠨ ᠳᠤ ᠢᠲᠡᠭᠡᠯ ᠢᠶᠡᠨ ᠲᠠᠯᠪᠢᠵᠤ ᠲᠤᠰᠢᠶᠠᠯ ᠤᠳ ᠢ ᠨᠢ ᠪᠡᠶᠡᠯᠡᠭᠦᠯᠬᠦ ᠪᠣᠯᠲᠤᠭᠠᠢ᠂
8 ᠪᠤᠷᠬᠠᠨ ᠤ ᠡᠮᠦᠨ᠎ᠡ ᠦᠨᠡᠨᠴᠢ ᠪᠤᠰᠤ ᠵᠢᠷᠦᠬᠡ ᠲᠠᠢ ᠢᠲᠡᠭᠡᠮᠵᠢ ᠦᠭᠡᠢ ᠰᠦᠨᠡᠰᠦ ᠲᠠᠢ ᠵᠥᠷᠢᠭᠦᠳ ᠪᠥᠭᠡᠳ ᠲᠡᠷᠰᠯᠡᠭᠦᠦ ᠦᠶ᠎ᠡ ᠶᠢᠨ ᠬᠢᠨ ᠪᠣᠯᠬᠤ ᠡᠴᠢᠭᠡ ᠡᠪᠦᠭᠡᠳ ᠲᠡᠢ ᠪᠡᠨ ᠠᠳᠠᠯᠢ ᠪᠦᠦ ᠪᠠᠢᠭ᠃
9 ᠡᠹᠷᠠᠢᠮᠴᠤᠳ ᠨᠤᠮᠤ ᠰᠤᠮᠤ ᠪᠠᠷ ᠵᠡᠪᠰᠡᠭᠯᠡᠭᠰᠡᠨ ᠪᠣᠯᠪᠠᠴᠤ ᠲᠤᠯᠤᠯᠳᠤᠭᠠᠨ ᠤ ᠡᠳᠦᠷ ᠤᠬᠤᠷᠢᠭᠰᠠᠨ᠃
10 ᠲᠡᠳᠡ ᠪᠤᠷᠬᠠᠨ ᠤ ᠭᠡᠷ᠎ᠡ ᠶᠢ ᠰᠠᠬᠢᠭᠰᠠᠨ ᠦᠭᠡᠢ ᠲᠡᠭᠦᠨ ᠦ ᠬᠠᠤᠯᠢ ᠶᠢᠨ ᠳᠠᠭᠠᠤ ᠠᠯᠬᠤᠬᠤ ᠶᠢ ᠲᠡᠪᠴᠢᠭᠰᠡᠨ᠃
11 ᠲᠡᠳᠡ ᠥᠪᠡᠷᠰᠡᠳ ᠲᠤᠨᠢ ᠦᠵᠡᠭᠦᠯᠦᠭᠰᠡᠨ ᠲᠡᠭᠦᠨ ᠦ ᠦᠢᠯᠡᠰ᠂ ᠲᠡᠭᠦᠨ ᠦ ᠭᠠᠢᠬᠠᠮᠰᠢᠭ ᠤᠳ ᠢ ᠮᠠᠷᠲᠠᠭᠰᠠᠨ᠃
12 ᠤᠤᠯ ᠨᠢ ᠪᠤᠷᠬᠠᠨ ᠶᠧᠵᠢᠫᠲ ᠲᠤ᠂ ᠽᠣᠶᠠᠨ ᠤ ᠬᠡᠭᠡᠷ᠎ᠡ ᠲᠠᠯ᠎ᠠ ᠳᠤ ᠡᠴᠢᠭᠡ ᠡᠪᠦᠭᠡᠳ ᠦᠨ ᠬᠢᠨᠢ ᠡᠮᠦᠨ᠎ᠡ ᠭᠠᠢᠬᠠᠮᠰᠢᠭ ᠢ ᠦᠢᠯᠡᠳᠦᠭᠰᠡᠨ ᠪᠢᠯᠡ᠃
13 ᠲᠡᠷᠡ ᠪᠡᠷ ᠳᠠᠯᠠᠢ ᠶᠢ ᠬᠤᠪᠢᠶᠠᠨ᠂ ᠤᠰᠤ ᠶᠢ ᠣᠪᠣᠭ᠎ᠠ ᠮᠡᠲᠦ ᠪᠣᠰᠬᠠᠵᠤ ᠲᠡᠳᠡᠨ ᠢ ᠭᠠᠲᠤᠯᠤᠭᠤᠯᠤᠭᠰᠠᠨ᠂
14 ᠲᠡᠳᠡᠨ ᠢ ᠡᠳᠦᠷ ᠡᠭᠦᠯᠡ ᠪᠡᠷ ᠰᠥᠨᠢ ᠭᠠᠯ ᠤᠨ ᠭᠡᠷᠡᠯ ᠢᠶᠡᠷ ᠤᠳᠤᠷᠢᠳᠤᠭᠰᠠᠨ᠂
15 ᠴᠥᠯ ᠳᠤ ᠬᠠᠳᠠ ᠨᠤᠭᠤᠳ ᠢ ᠬᠠᠭᠠᠯᠤᠨ ᠢᠷᠤᠭᠠᠷ ᠦᠭᠡᠢ ᠭᠦᠨ ᠦ ᠬᠢ ᠮᠡᠲᠦ ᠶᠡᠬᠡ ᠤᠰᠤ ᠪᠠᠷ ᠲᠡᠳᠡᠨ ᠢ ᠤᠮᠳᠠᠯᠠᠭᠰᠠᠨ ᠪᠢᠯᠡ᠃
16 ᠲᠡᠢᠨ ᠬᠦ ᠲᠡᠷᠡ ᠬᠠᠳᠠᠨ ᠠᠴᠠ ᠤᠷᠤᠰᠬᠠᠯ ᠢ ᠭᠠᠷᠭᠠᠵᠤ ᠤᠰᠤ ᠶᠢ ᠭᠣᠣᠯ ᠰᠢᠭ᠋ ᠤᠷᠤᠰᠬᠠᠭᠰᠠᠨ᠃
17 ᠬᠠᠷᠢᠨ ᠲᠡᠳᠡ ᠨᠢᠭᠦᠯ ᠢ ᠲᠡᠭᠦᠨ ᠦ ᠡᠰᠡᠷᠭᠦ ᠳᠠᠪᠲᠠᠨ ᠦᠢᠯᠡᠳᠦᠭᠰᠡᠭᠡᠷ ᠴᠥᠯ ᠳᠤ ᠬᠠᠮᠤᠭ ᠤᠨ ᠳᠡᠭᠡᠳᠦ ᠨᠢᠭᠡᠨ ᠡᠴᠡ ᠲᠡᠷᠰᠯᠡᠭᠰᠡᠨ᠃
18 ᠲᠡᠳᠡ ᠰᠢᠨᠤᠯ ᠤᠨ ᠢᠶᠠᠨ ᠳᠠᠭᠠᠤ ᠢᠳᠡᠬᠦ ᠶᠠᠭᠤᠮ᠎ᠠ ᠱᠠᠭᠠᠷᠳᠠᠵᠤ ᠪᠤᠷᠬᠠᠨ ᠢ ᠵᠣᠷᠢᠭᠤᠳᠠ ᠰᠣᠷᠢᠭᠰᠠᠨ᠃
19 ᠲᠡᠳᠡ ᠪᠤᠷᠬᠠᠨ ᠤ ᠡᠰᠡᠷᠭᠦ ᠶᠠᠷᠢᠵᠤ 《ᠪᠤᠷᠬᠠᠨ ᠴᠥᠯ ᠳᠤ ᠰᠢᠷᠡᠭᠡ ᠵᠠᠰᠠᠵᠤ ᠴᠢᠳᠠᠨ᠎ᠠ ᠭᠡᠵᠢ ᠤᠤ︖
20 ᠬᠠᠷ᠎ᠠ᠂ ᠲᠡᠷᠡ ᠬᠠᠳᠠ ᠶᠢ ᠴᠣᠬᠢᠬᠤ ᠳᠤ ᠤᠰᠤ ᠣᠷᠭᠢᠯᠵᠤ ᠪᠢᠯᠬᠠᠷᠠᠭᠰᠠᠨ ᠤᠷᠤᠰᠬᠠᠯ ᠤᠳ ᠭᠠᠷᠤᠭᠰᠠᠨ ᠬᠠᠷᠢᠨ ᠲᠡᠷᠡ ᠬᠦᠨᠡᠰᠦ ᠥᠭᠴᠦ ᠴᠢᠳᠠᠬᠤ ᠪᠣᠯᠪᠠ ᠤᠤ︖ ᠠᠷᠠᠳ ᠲᠦᠮᠡᠨ ᠳᠡᠭᠡᠨ ᠮᠢᠬ᠎ᠠ ᠶᠢ ᠬᠠᠩ᠋ᠭᠠᠨ᠎ᠠ ᠭᠡᠵᠢ ᠤᠤ︖》 ᠭᠡᠬᠦ ᠳᠦ᠂
21 ᠶᠣᠬᠣᠸᠠ ᠰᠣᠨᠣᠰᠣᠭᠠᠳ ᠬᠢᠯᠢᠩᠨᠡᠪᠡ᠂ ᠶᠠᠺᠣᠪ ᠤᠨ ᠡᠰᠡᠷᠭᠦ ᠭᠠᠯ ᠠᠰᠠᠵᠤ ᠢᠰᠷᠧᠯ ᠤᠨ ᠡᠰᠡᠷᠭᠦ ᠠᠭᠤᠷ ᠮᠠᠨᠳᠤᠪᠠ᠃
22 ᠤᠴᠢᠷ ᠨᠢ ᠲᠡᠳᠡ ᠪᠤᠷᠬᠠᠨ ᠳᠤ ᠢᠲᠡᠭᠡᠭᠡ ᠦᠭᠡᠢ ᠠᠪᠤᠷᠠᠯ ᠳᠤᠨᠢ ᠨᠠᠢᠳᠠᠭᠠ ᠦᠭᠡᠢ᠂
23 ᠬᠠᠷᠢᠨ ᠪᠤᠷᠬᠠᠨ ᠳᠡᠭᠡᠷ᠎ᠡ ᠪᠤᠢ ᠣᠭᠲᠠᠷᠭᠤᠢ ᠳᠤ ᠲᠤᠰᠢᠶᠠᠨ ᠲᠩᠷᠢ ᠶᠢᠨ ᠬᠠᠭᠠᠯᠭ᠎ᠠ ᠨᠤᠭᠤᠳ ᠢ ᠣᠩ᠋ᠭᠣᠢᠯᠭᠠᠵᠤ
24 ᠲᠡᠳᠡᠨ ᠳᠡᠭᠡᠷ᠎ᠡ ᠮᠠᠨᠨᠠ ᠶᠢ ᠪᠣᠷᠣᠭ᠎ᠠ ᠮᠡᠲᠦ ᠪᠠᠭᠤᠯᠭᠠᠨ᠂ ᠢᠳᠡᠭᠦᠯᠦᠭᠰᠡᠨ᠂ ᠲᠡᠢᠨ ᠬᠦ ᠲᠩᠷᠢ ᠶᠢᠨ ᠬᠦᠨᠡᠰᠦ ᠶᠢ ᠰᠣᠶᠣᠷᠬᠠᠭᠰᠠᠨ ᠳᠤ᠂
25 ᠬᠥᠮᠦᠨ ᠲᠩᠷᠢ ᠡᠯᠴᠢᠳ ᠤᠨ ᠬᠣᠭᠣᠯᠠ ᠶᠢ ᠢᠳᠡᠭᠰᠡᠨ ᠶᠤᠮ ᠪᠤᠷᠬᠠᠨ ᠬᠦᠨᠡᠰᠦ ᠶᠢ ᠡᠯᠪᠡᠭ ᠢᠶᠡᠷ ᠢᠯᠡᠭᠡᠭᠰᠡᠨ᠂
26 ᠲᠩᠷᠢ ᠡᠴᠡ ᠳᠣᠷᠣᠨ᠎ᠠ ᠶᠢᠨ ᠰᠠᠯᠬᠢ ᠶᠢ ᠭᠠᠷᠭᠠᠵᠤ ᠥᠪᠡᠷ ᠦᠨ ᠢᠶᠠᠨ ᠬᠦᠴᠦ ᠪᠡᠷ ᠡᠮᠦᠨ᠎ᠡ ᠶᠢᠨ ᠰᠠᠯᠬᠢ ᠶᠢ ᠠᠪᠴᠢᠷᠠᠵᠤ᠂
27 ᠲᠡᠳᠡᠨ ᠦ ᠳᠡᠭᠡᠷ᠎ᠡ ᠮᠢᠬ᠎ᠠ ᠶᠢ ᠲᠣᠭᠣᠰᠣ ᠰᠢᠷᠣᠢ ᠮᠡᠲᠦ ᠵᠢᠭᠦᠷᠲᠦ ᠰᠢᠪᠠᠭᠤᠳ ᠢ ᠳᠠᠯᠠᠢ ᠶᠢᠨ ᠡᠯᠡᠰᠦ ᠮᠡᠲᠦ ᠪᠠᠭᠤᠯᠭᠠᠭᠰᠠᠨ᠂
28 ᠲᠡᠳᠡᠭᠡᠷ ᠢ ᠬᠤᠸᠠᠷᠠᠨ ᠤ ᠬᠢᠨᠢ ᠳᠤᠮᠳᠠ ᠰᠠᠭᠤᠳᠠᠭ ᠭᠠᠵᠠᠷ ᠤᠨ ᠬᠢᠨᠢ ᠡᠷᠭᠢᠨ ᠲᠣᠭᠣᠷᠢᠨ ᠳᠤ ᠤᠨᠠᠭᠠᠭᠰᠠᠨ ᠳᠤ
29 ᠲᠡᠳᠡ ᠢᠳᠡᠵᠦ᠂ ᠲᠡᠭᠳᠡᠢᠲᠡᠯᠡ ᠴᠠᠳᠴᠠᠭᠠᠭᠰᠠᠨ᠂ ᠡᠢᠨ ᠬᠦ ᠲᠡᠷᠡ ᠬᠦᠰᠡᠭᠰᠡᠨ ᠢᠶᠡᠷ ᠨᠢ ᠬᠦᠷᠲᠡᠭᠡᠭᠰᠡᠨ ᠪᠢᠯᠡ᠃
30 ᠬᠠᠷᠢᠨ ᠲᠡᠳᠡ ᠰᠢᠨᠤᠯ ᠠᠴᠠ ᠪᠠᠨ ᠡᠷᠭᠢᠬᠦ ᠡᠴᠡ ᠡᠮᠦᠨ᠎ᠡ᠂ ᠬᠣᠭᠣᠯᠠ ᠨᠢ ᠲᠡᠳᠡᠨ ᠦ ᠠᠮᠠᠨ ᠳᠤ ᠪᠠᠢᠭᠰᠠᠭᠠᠷ ᠪᠠᠢᠬᠤ ᠵᠠᠭᠤᠷ᠎ᠠ
31 ᠪᠤᠷᠬᠠᠨ ᠤ ᠬᠢᠯᠢᠩ ᠲᠡᠳᠡᠨ ᠦ ᠡᠰᠡᠷᠭᠦ ᠮᠠᠨᠳᠤᠵᠤ ᠲᠡᠳᠡᠨ ᠦ ᠬᠦᠳᠡᠷᠯᠢᠭ ᠢ ᠨᠢ ᠤᠰᠠᠳᠬᠠᠵᠤ ᠢᠰᠷᠧᠯ ᠤᠨ ᠢᠳᠡᠷ ᠵᠠᠯᠠᠭᠤᠰ ᠢ ᠤᠨᠠᠭᠠᠭᠰᠠᠨ᠃
32 ᠡᠢᠮᠦ ᠪᠠᠢᠭᠰᠠᠨ ᠴᠤ ᠲᠡᠳᠡ ᠨᠢᠭᠦᠯ ᠦᠢᠯᠡᠳᠦᠭᠰᠡᠭᠡᠷ ᠪᠠᠢᠪᠠ ᠭᠠᠢᠬᠠᠮᠰᠢᠭ ᠤᠳ ᠲᠤᠨᠢ ᠴᠤ ᠢᠲᠡᠭᠡᠯ ᠦᠭᠡᠢ ᠪᠠᠢᠪᠠ᠃
33 ᠲᠡᠢᠮᠦ ᠡᠴᠡ ᠪᠤᠷᠬᠠᠨ ᠡᠳᠦᠷ ᠤᠳ ᠢ ᠨᠢ ᠬᠣᠭᠣᠰᠣᠨ ᠢᠶᠠᠷ ᠵᠢᠯ ᠤᠳ ᠢ ᠨᠢ ᠠᠶᠤᠮᠰᠢᠭ ᠢᠶᠠᠷ ᠳᠠᠭᠤᠰᠬᠠᠭᠰᠠᠨ᠃
34 ᠪᠤᠷᠬᠠᠨ ᠲᠡᠳᠡᠨ ᠦ ᠬᠢᠨ ᠢ ᠰᠥᠨᠥᠭᠡᠬᠦ ᠪᠣᠯᠭᠠᠨ ᠳᠤ ᠪᠤᠰᠤᠳ ᠨᠢ ᠲᠡᠭᠦᠨ ᠢ ᠬᠠᠢᠳᠠᠭ ᠪᠠᠢᠭᠰᠠᠨ ᠪᠤᠷᠬᠠᠨ ᠢ ᠳᠠᠬᠢᠨ ᠴᠢᠩ ᠰᠡᠳᠬᠢᠯ ᠡᠴᠡ ᠪᠡᠨ ᠬᠠᠢᠵᠤ
35 ᠪᠤᠷᠬᠠᠨ ᠪᠣᠯ ᠲᠡᠳᠡᠨ ᠦ ᠬᠠᠳᠠ ᠭᠡᠳᠡᠭ ᠢ ᠬᠠᠮᠤᠭ ᠤᠨ ᠳᠡᠭᠡᠳᠦ ᠪᠤᠷᠬᠠᠨ ᠪᠣᠯ ᠲᠡᠳᠡᠨ ᠦ ᠠᠪᠤᠷᠠᠭᠴᠢ ᠭᠡᠳᠡᠭ ᠢ ᠰᠠᠨᠠᠳᠠᠭ ᠪᠠᠢᠭᠰᠠᠨ᠂
36 ᠬᠠᠷᠢᠨ ᠲᠡᠳᠡ ᠠᠮᠠ ᠪᠠᠷ ᠢᠶᠠᠨ ᠲᠡᠭᠦᠨ ᠢ ᠪᠢᠯᠳᠠᠤᠴᠢᠯᠠᠵᠤ ᠬᠡᠯᠡ ᠪᠡᠷ ᠢᠶᠠᠨ ᠲᠡᠭᠦᠨ ᠳᠦ ᠬᠤᠳᠠᠯ ᠶᠠᠷᠢᠵᠤ ᠪᠠᠢᠭᠰᠠᠨ᠂
37 ᠲᠡᠳᠡᠨ ᠦ ᠵᠢᠷᠦᠬᠡ ᠲᠡᠭᠦᠨ ᠦ ᠡᠮᠦᠨ᠎ᠡ ᠦᠨᠡᠨᠴᠢ ᠪᠤᠰᠤ ᠲᠡᠳᠡ ᠲᠡᠭᠦᠨ ᠦ ᠭᠡᠷ᠎ᠡ ᠳᠦ ᠢᠲᠡᠭᠡᠮᠵᠢ ᠦᠭᠡᠢ ᠪᠠᠢᠵᠠᠢ᠃
38 ᠭᠡᠪᠡᠴᠦ ᠪᠤᠷᠬᠠᠨ ᠡᠨᠡᠷᠢᠩᠭᠦᠢ ᠪᠣᠯᠬᠣᠷ ᠲᠡᠳᠡᠨ ᠢ ᠤᠰᠠᠳᠬᠠᠯ ᠦᠭᠡᠢ᠂ ᠭᠡᠮ ᠪᠤᠷᠤᠭᠤ ᠶᠢ ᠨᠢ ᠥᠷᠥᠰᠢᠶᠡᠪᠡ᠃ ᠪᠦᠬᠦᠢᠯᠡ ᠬᠢᠯᠢᠩ ᠢᠶᠠᠨ ᠭᠠᠷᠭᠠᠯ ᠦᠭᠡᠢ᠂ ᠣᠯᠠᠨᠲᠠ ᠠᠭᠤᠷ ᠢᠶᠠᠨ ᠪᠠᠷᠢᠵᠤ
39 ᠲᠡᠳᠡ ᠪᠣᠯ ᠵᠥᠪᠬᠡᠨ ᠮᠢᠬᠠᠨ ᠪᠡᠶ᠎ᠡ ᠭᠡᠳᠡᠭ ᠢ ᠥᠩᠭᠡᠷᠡᠪᠡᠯ ᠳᠠᠬᠢᠨ ᠢᠷᠡᠳᠡᠭ ᠦᠭᠡᠢ ᠰᠠᠯᠬᠢ ᠪᠣᠯᠬᠤ ᠶᠢ ᠰᠠᠨᠠᠳᠠᠭ ᠪᠠᠢᠭᠰᠠᠨ᠃
40 ᠲᠡᠳᠡ ᠴᠥᠯ ᠳᠤ ᠪᠠᠢᠬᠤ ᠳᠠᠭᠠᠨ ᠲᠡᠭᠦᠨ ᠡᠴᠡ ᠬᠡᠴᠢᠨᠡᠨ ᠶᠡᠬᠡ ᠲᠡᠷᠰᠯᠡᠵᠦ ᠵᠡᠯᠢᠭᠦᠳ ᠲᠠᠯ᠎ᠠ ᠳᠤ ᠲᠡᠭᠦᠨ ᠢ ᠬᠡᠴᠢᠨᠡᠨ ᠶᠡᠬᠡ ᠵᠣᠪᠠᠭᠠᠭᠰᠠᠨ ᠪᠤᠢ︕
41 ᠲᠡᠳᠡ ᠪᠤᠷᠬᠠᠨ ᠢ ᠳᠠᠬᠢᠨ ᠳᠠᠬᠢᠨ ᠰᠣᠷᠢᠪᠠ ᠢᠰᠷᠧᠯ ᠤᠨ ᠠᠷᠢᠭᠤᠨ ᠨᠢᠭᠡᠨ ᠢ ᠥᠳᠥᠭᠡᠪᠡ᠂
42 ᠲᠡᠭᠦᠨ ᠦ ᠮᠤᠲᠤᠷ ᠢ ᠥᠪᠡᠷᠰᠡᠳ ᠢ ᠨᠢ ᠥᠰᠲᠡᠨ ᠡᠴᠡ ᠵᠣᠯᠢᠨ ᠠᠪᠤᠭᠰᠠᠨ ᠡᠳᠦᠷ ᠢ ᠲᠡᠳᠡ ᠰᠠᠨᠠᠭ᠎ᠠ ᠦᠭᠡᠢ᠂
43 ᠲᠡᠷᠡ ᠡᠳᠦᠷ ᠪᠤᠷᠬᠠᠨ ᠲᠡᠮᠳᠡᠭ ᠤᠳ ᠢᠶᠠᠨ ᠶᠧᠵᠢᠫᠲ ᠲᠤ ᠭᠠᠢᠬᠠᠮᠰᠢᠭ ᠤᠳ ᠢᠶᠠᠨ ᠽᠣᠶᠠᠨ ᠤ ᠬᠡᠭᠡᠷ᠎ᠡ ᠲᠠᠯ᠎ᠠ ᠳᠤ ᠬᠠᠷᠠᠭᠤᠯᠤᠭᠰᠠᠨ ᠪᠢᠯᠡ᠃
44 ᠲᠡᠷᠡ ᠮᠥᠷᠡᠨ ᠦ ᠤᠷᠤᠰᠬᠠᠯ ᠢ ᠴᠢᠰᠤ ᠪᠣᠯᠭᠠᠨ ᠬᠤᠪᠢᠷᠠᠭᠠᠬᠤ ᠳᠤ ᠶᠧᠵᠢᠫᠲ᠋ᠴᠦᠳ ᠤᠤᠭᠤᠵᠤ ᠴᠢᠳᠠᠬᠤ ᠦᠭᠡᠢ ᠪᠣᠯᠣᠭᠰᠠᠨ᠃
45 ᠲᠡᠷᠡ ᠲᠡᠳᠡᠨ ᠦ ᠳᠤᠮᠳᠠ ᠢᠯᠠᠭᠠᠨ ᠰᠦᠷᠦᠭ ᠢᠯᠡᠭᠡᠭᠰᠡᠨ ᠳᠦ᠂ ᠲᠡᠳᠡᠭᠡᠷ ᠨᠢ ᠢᠳᠡᠭᠰᠡᠨ ᠮᠡᠯᠡᠬᠡᠢ ᠨᠦᠭᠦᠳ ᠢ ᠢᠯᠡᠭᠡᠭᠰᠡᠨ ᠳᠦ᠂ ᠲᠡᠳᠡᠭᠡᠷ ᠨᠢ ᠰᠦᠢᠷᠡᠭᠦᠯᠦᠭᠰᠡᠨ᠃
46 ᠬᠤᠷᠢᠶᠠᠭᠰᠠᠨ ᠢ ᠨᠢ ᠳᠡᠪᠬᠡᠷᠭᠡ ᠳᠦ ᠬᠥᠳᠡᠯᠮᠦᠷᠢᠯᠡᠭᠰᠡᠨ ᠦ ᠬᠢᠨᠢ ᠦᠷ᠎ᠡ ᠰᠢᠮ᠎ᠡ ᠶᠢ ᠴᠠᠷᠴᠠᠬᠠᠢ ᠳᠤ ᠥᠭᠴᠦ᠂
47 ᠦᠵᠦᠮ ᠦᠨ ᠮᠣᠳᠣᠳ ᠢ ᠨᠢ ᠮᠥᠨᠳᠥᠷ ᠢᠶᠡᠷ ᠢᠯᠠᠮ᠎ᠠ ᠶᠢᠨ ᠮᠣᠳᠣᠳ ᠢ ᠨᠢ ᠬᠢᠷᠠᠭᠤ ᠪᠠᠷ ᠴᠣᠬᠢᠭᠰᠠᠨ᠂
48 ᠮᠠᠯ ᠰᠦᠷᠦᠭ ᠢ ᠨᠢ ᠮᠥᠨᠳᠥᠷ ᠲᠦ ᠬᠣᠨᠢᠨ ᠰᠦᠷᠦᠭ ᠢ ᠨᠢ ᠠᠶᠤᠩ᠋ᠭᠠᠨ ᠳᠤ ᠲᠤᠰᠢᠶᠠᠵᠤ᠂
49 ᠥᠪᠡᠷ ᠦᠨ ᠢᠶᠠᠨ ᠰᠢᠷᠦᠭᠦᠨ ᠠᠭᠤᠷ ᠬᠢᠯᠢᠩ᠂ ᠵᠢᠪᠡᠭᠦᠴᠡᠯ ᠪᠠ ᠭᠠᠮᠰᠢᠭ ᠢ᠂ ᠮᠠᠭᠤ ᠡᠯᠴᠢᠳ ᠲᠠᠢ ᠬᠠᠮᠲᠤ ᠢᠯᠡᠭᠡᠭᠰᠡᠨ᠂
50 ᠲᠡᠷᠡ ᠪᠡᠷ ᠬᠢᠯᠢᠩ ᠳᠡᠭᠡᠨ ᠵᠠᠮ ᠢ ᠨᠡᠭᠡᠭᠡᠪᠡ᠃ ᠲᠡᠳᠡᠨ ᠢ ᠦᠬᠦᠯ ᠡᠴᠡ ᠬᠡᠯᠲᠦᠷᠢᠭᠦᠯᠦᠭᠡ ᠦᠭᠡᠢ ᠠᠮᠢ ᠶᠢ ᠨᠢ ᠭᠠᠮᠰᠢᠭ ᠲᠤ ᠲᠤᠰᠢᠶᠠᠭᠰᠠᠨ᠂
51 ᠬᠠᠷᠢᠨ ᠲᠡᠷᠡ ᠪᠡᠷ ᠶᠧᠵᠢᠫᠲ ᠤᠨ ᠪᠦᠬᠦ ᠤᠤᠭᠠᠨ ᠢ ᠾᠠᠮ ᠤᠨ ᠮᠠᠢᠬᠠᠨ ᠳᠠᠬᠢ ᠬᠦᠴᠦᠨ ᠦ ᠬᠢᠨᠢ ᠣᠬᠢ ᠶᠢ ᠴᠣᠬᠢᠬᠤ ᠳᠠᠭᠠᠨ
52 ᠥᠪᠡᠷ ᠦᠨ ᠢᠶᠠᠨ ᠠᠷᠠᠳ ᠲᠦᠮᠡᠨ ᠢ ᠬᠣᠨᠢ ᠰᠢᠭ᠋ ᠭᠠᠷᠭᠠᠵᠤ ᠲᠡᠳᠡᠨ ᠢ ᠬᠣᠨᠢᠨ ᠰᠦᠷᠦᠭ ᠮᠡᠲᠦ ᠴᠥᠯ ᠢᠶᠡᠷ ᠳᠠᠭᠠᠭᠤᠯᠤᠭᠰᠠᠨ᠂
53 ᠠᠶᠤᠯ ᠦᠭᠡᠢ ᠤᠳᠤᠷᠢᠳᠤᠭᠰᠠᠨ ᠢᠶᠠᠷ ᠲᠡᠳᠡ ᠠᠶᠤᠭᠰᠠᠨ ᠦᠭᠡᠢ ᠳᠠᠢᠰᠤᠨ ᠨᠤᠭᠤᠳ ᠨᠢ ᠳᠠᠯᠠᠢ ᠶᠢᠨ ᠤᠰᠤᠨ ᠳᠤ ᠠᠪᠲᠠᠭᠰᠠᠨ᠃
54 ᠡᠢᠨ ᠬᠦ ᠲᠡᠷᠡ ᠪᠡᠷ ᠲᠡᠳᠡᠨ ᠢ ᠠᠷᠢᠭᠤᠨ ᠨᠤᠲᠤᠭ ᠲᠤ ᠪᠠᠷᠠᠭᠤᠨ ᠮᠤᠲᠤᠷ ᠢᠶᠠᠷ ᠢᠶᠠᠨ ᠠᠪᠤᠭᠰᠠᠨ ᠡᠨᠡ ᠠᠭᠤᠯᠠᠨ ᠳᠤ ᠠᠪᠴᠢᠷᠠᠭᠰᠠᠨ᠂
55 ᠦᠨᠳᠦᠰᠦᠲᠡᠨ ᠨᠦᠭᠦᠳ ᠢ ᠡᠮᠦᠨ᠎ᠡ ᠡᠴᠡ ᠨᠢ ᠬᠥᠭᠡᠭᠡᠵᠦ ᠥᠪ ᠢ ᠨᠢ ᠰᠢᠪᠠᠭ᠎ᠠ ᠪᠠᠷ ᠬᠤᠪᠢᠶᠠᠷᠢᠯᠠᠨ᠂ ᠢᠰᠷᠧᠯ ᠤᠨ ᠣᠪᠣᠭ ᠤᠳ ᠢ ᠥᠪᠡᠷ ᠥᠪᠡᠷᠰᠡᠳ ᠦᠨ ᠬᠢᠨᠢ ᠭᠡᠷ ᠲᠦ ᠰᠠᠭᠤᠯᠭᠠᠭᠰᠠᠨ᠂
56 ᠭᠡᠪᠡᠴᠦ ᠲᠡᠳᠡ ᠬᠠᠮᠤᠭ ᠤᠨ ᠳᠡᠭᠡᠳᠦ ᠪᠤᠷᠬᠠᠨ ᠢ ᠰᠣᠷᠢᠨ᠂ ᠲᠡᠭᠦᠨ ᠡᠴᠡ ᠲᠡᠷᠰᠯᠡᠵᠦ ᠵᠠᠷᠴᠢᠮ ᠢ ᠨᠢ ᠰᠠᠬᠢᠯ ᠦᠭᠡᠢ᠂
57 ᠡᠴᠢᠭᠡ ᠡᠪᠦᠭᠡᠳ ᠰᠢᠭ ᠢᠶᠠᠨ ᠤᠷᠪᠠᠨ ᠭᠠᠵᠢᠵᠤ ᠣᠨᠢ ᠦᠭᠡᠢ ᠨᠤᠮᠤ ᠰᠢᠭ᠋ ᠮᠤᠷᠤᠢᠪᠠ᠂
58 ᠮᠥᠷᠭᠥᠯ ᠦᠨ ᠮᠠᠨᠳᠠᠯ ᠤᠳ ᠢᠶᠠᠷ ᠲᠡᠭᠦᠨ ᠢ ᠬᠢᠯᠢᠩᠨᠡᠭᠦᠯᠵᠦ᠂ ᠰᠢᠲᠦᠭᠡᠨ ᠨᠦᠭᠦᠳ ᠢᠶᠡᠷ ᠢᠶᠠᠨ ᠬᠠᠷᠠᠳᠠᠯᠲᠠ ᠶᠢ ᠨᠢ ᠬᠥᠳᠡᠯᠭᠡᠭᠰᠡᠨ᠃
59 ᠪᠤᠷᠬᠠᠨ ᠰᠣᠨᠣᠰᠣᠭᠠᠳ ᠬᠢᠯᠢᠩᠨᠡᠵᠦ ᠢᠰᠷᠧᠯ ᠢ ᠶᠡᠬᠡᠳᠡ ᠵᠢᠭ᠍ᠰᠢᠨ
60 ᠱᠢᠯᠣ᠋ ᠳᠠᠬᠢ ᠣᠷᠣᠰᠢᠬᠤ ᠭᠠᠵᠠᠷ ᠢᠶᠠᠨ ᠬᠥᠮᠦᠨ ᠦ ᠳᠤᠮᠳᠠ ᠪᠠᠢᠯᠭᠠᠭᠰᠠᠨ ᠮᠠᠢᠬᠠᠨ ᠢᠶᠠᠨ ᠣᠷᠬᠢᠵᠤ᠂
61 ᠰᠦᠷ ᠬᠦᠴᠦ ᠪᠡᠨ ᠣᠯᠵᠠᠯᠠᠭᠴᠢ ᠳᠤ᠂ ᠴᠣᠭ ᠵᠢᠪᠬᠤᠯᠠᠩ ᠢᠶᠠᠨ ᠥᠰᠲᠡᠨ ᠦ ᠭᠠᠷ ᠲᠤ ᠥᠭᠴᠦ᠂
62 ᠠᠷᠠᠳ ᠲᠦᠮᠡᠨ ᠢᠶᠡᠨ ᠢᠯᠳᠦᠨ ᠳᠦ ᠲᠤᠰᠢᠶᠠᠪᠠ᠂ ᠥᠮᠴᠢ ᠳᠡᠭᠡᠨ ᠡᠢᠨ ᠬᠦ ᠬᠢᠯᠢᠩᠨᠡᠭᠰᠡᠨ ᠳᠦ᠂
63 ᠵᠠᠯᠠᠭᠤᠰ ᠨᠢ ᠭᠠᠯ ᠳᠤ ᠵᠠᠯᠭᠢᠭᠳᠠᠵᠤ ᠥᠬᠢᠳ ᠨᠢ ᠬᠤᠷᠢᠮ ᠤᠨ ᠳᠠᠭᠤᠤ ᠦᠭᠡᠢ ᠪᠣᠯᠪᠠ᠃
64 ᠲᠠᠬᠢᠯᠴᠢᠳ ᠨᠢ ᠢᠯᠳᠦᠨ ᠳᠦ ᠤᠨᠠᠵᠤ ᠪᠡᠯᠪᠡᠰᠦᠨ ᠡᠮᠡᠭᠲᠡᠢᠴᠦᠳ ᠨᠢ ᠭᠠᠰᠢᠭᠤᠳᠠᠵᠤ ᠠᠮᠵᠢᠭᠰᠠᠨ ᠦᠭᠡᠢ᠃
65 ᠲᠡᠭᠡᠬᠦ ᠳᠦ ᠡᠵᠡᠨ ᠨᠣᠢᠷ ᠠᠴᠠ ᠰᠡᠷᠢᠭᠰᠡᠨ ᠬᠥᠮᠦᠨ ᠮᠡᠲᠦ ᠠᠷᠢᠬᠢ ᠨᠢ ᠰᠡᠷᠭᠦᠭᠰᠡᠨ ᠳᠠᠢᠴᠢᠨ ᠮᠡᠲᠦ ᠪᠣᠰᠴᠤ
66 ᠥᠰᠲᠡᠨ ᠨᠦᠭᠦᠳ ᠢᠶᠡᠨ ᠦᠯᠳᠡᠨ ᠬᠥᠭᠡᠭᠡᠵᠦ ᠡᠭᠦᠷᠢᠳᠡ ᠶᠢᠨ ᠰᠢᠪᠰᠢᠭ ᠲᠤ ᠣᠷᠣᠭᠤᠯᠤᠭᠰᠠᠨ᠂
67 ᠭᠡᠪᠡᠴᠦ ᠲᠡᠷᠡ ᠪᠡᠷ ᠶᠣᠰᠧᠹ ᠤᠨ ᠮᠠᠢᠬᠠᠨ ᠢ ᠣᠭᠣᠷᠪᠠ ᠡᠹᠷᠠᠢᠮ ᠤᠨ ᠣᠪᠣᠭ ᠢ ᠰᠣᠩ᠋ᠭᠣᠭ᠎ᠠ ᠦᠭᠡᠢ᠂
68 ᠬᠠᠷᠢᠨ ᠶᠦᠳᠠ ᠣᠪᠣᠭ ᠢ ᠥᠪᠡᠷ ᠦᠨ ᠢᠶᠠᠨ ᠬᠠᠢᠷᠠᠯᠠᠭᠰᠠᠨ ᠽᠢᠶᠣᠨ ᠠᠭᠤᠯᠠ ᠶᠢ ᠰᠣᠩ᠋ᠭᠣᠵᠤ᠂
69 ᠠᠷᠢᠭᠤᠨ ᠭᠠᠵᠠᠷ ᠢᠶᠠᠨ ᠥᠨᠳᠥᠷᠯᠢᠭ ᠪᠤᠶᠤ ᠡᠭᠦᠷᠢᠳᠡ ᠶᠢᠨ ᠰᠠᠭᠤᠷᠢ ᠲᠠᠢ ᠳᠡᠯᠡᠬᠡᠢ ᠰᠢᠭ ᠪᠠᠢᠭᠤᠯᠪᠠ᠂
70 ᠪᠠᠰᠠ ᠵᠠᠷᠤᠴᠠ ᠳ᠋ᠠᠸᠢᠳ᠋ ᠢᠶᠠᠨ ᠰᠣᠩ᠋ᠭᠣᠵᠤ ᠬᠣᠨᠢᠨ ᠤ ᠬᠠᠰᠢᠶᠠᠨ ᠠᠴᠠ ᠠᠪᠤᠭᠰᠠᠨ᠂
71 ᠬᠤᠷᠠᠭ᠎ᠠ ᠲᠠᠢ ᠬᠣᠨᠢ ᠠᠷᠠᠴᠢᠯᠠᠳᠠᠭ ᠪᠠᠢᠭᠰᠠᠨ ᠲᠡᠭᠦᠨ ᠢ ᠠᠪᠴᠢᠷᠠᠵᠤ ᠥᠪᠡᠷ ᠦᠨ ᠢᠶᠠᠨ ᠠᠷᠠᠳ ᠲᠦᠮᠡᠨ ᠶᠠᠺᠣᠪ ᠢ ᠥᠪᠡᠷ ᠦᠨ ᠢᠶᠠᠨ ᠥᠮᠴᠢ ᠢᠰᠷᠧᠯ ᠢ ᠬᠣᠨᠢᠴᠢᠯᠠᠭᠤᠯᠤᠭᠰᠠᠨ ᠳᠤ᠂
72 ᠳ᠋ᠠᠸᠢᠳ᠋ ᠲᠡᠳᠡᠨ ᠢ ᠴᠢᠭ᠍ᠴᠢ ᠵᠢᠷᠦᠬᠡ ᠪᠡᠷ ᠬᠠᠷᠢᠭᠤᠯᠵᠤ ᠳᠡᠮ ᠲᠡᠢ ᠭᠠᠷ ᠢᠶᠠᠷ ᠬᠥᠲᠥᠯᠵᠦ ᠪᠠᠢᠯ᠎ᠠ᠃