1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢᠨ ᠨᠢᠭᠡ
 ᠰᠡᠷᠭᠦᠯᠲᠡ ᠶᠢ ᠭᠤᠶᠤᠭᠰᠠᠨ ᠭᠡᠮᠰᠢᠯ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠳ᠋ᠠᠸᠢᠳ᠋ ᠪᠠᠲ᠋ᠱᠧᠪᠠ ᠳᠡᠭᠡᠷ᠎ᠡ ᠣᠷᠣᠭᠰᠠᠨ ᠤ ᠳᠠᠷᠠᠭ᠎ᠠ᠂ ᠡᠰᠢ ᠦᠵᠡᠭᠦᠯᠦᠭᠴᠢ ᠨᠠᠲ᠋ᠠᠨ ᠥᠪᠡᠷ ᠤᠷᠤᠭᠤ ᠨᠢ ᠢᠷᠡᠭᠰᠡᠨ ᠦᠶ᠎ᠡ ᠳᠦ᠃

1 ᠪᠤᠷᠬᠠᠨ᠂ ᠦᠨᠡᠨ ᠬᠠᠢᠷ᠎ᠠ ᠪᠠᠷ ᠢᠶᠠᠨ ᠨᠠᠮᠠᠶᠢ ᠡᠨᠡᠷᠢᠭᠡᠴᠢ ᠦᠯᠡᠮᠵᠢ ᠥᠷᠥᠰᠢᠶᠡᠯ ᠢᠶᠡᠷ ᠢᠶᠠᠨ ᠠᠯᠳᠠᠭ᠎ᠠ ᠶᠢ ᠮᠢᠨᠢ ᠠᠷᠢᠯᠭᠠᠭᠠᠴᠢ᠃
2 ᠭᠡᠮ ᠡᠴᠡ ᠮᠢᠨᠢ ᠨᠠᠮᠠᠶᠢ ᠪᠦᠷᠢᠮᠦᠰᠦᠨ ᠤᠬᠢᠶᠠᠵᠤ ᠨᠢᠭᠦᠯ ᠡᠴᠡ ᠮᠢᠨᠢ ᠨᠠᠮᠠᠶᠢ ᠴᠡᠪᠡᠷᠯᠡᠭᠡᠴᠢ᠃
3 ᠪᠢ ᠠᠯᠳᠠᠭ᠎ᠠ ᠪᠠᠨ ᠮᠡᠳᠡᠨ᠎ᠡ᠂ ᠨᠢᠭᠦᠯ ᠮᠢᠨᠢ ᠦᠷᠭᠦᠯᠵᠢ ᠮᠢᠨᠦ ᠡᠮᠦᠨ᠎ᠡ ᠪᠠᠢᠨ᠎ᠠ᠃
4 ᠲᠠᠨ ᠳᠤ᠂ ᠢᠯᠠᠩ᠋ᠭᠤᠶ᠎ᠠ ᠲᠠᠨ ᠳᠤ ᠪᠢ ᠨᠢᠭᠦᠯ ᠬᠢᠵᠡᠢ ᠲᠠᠨ ᠤ ᠮᠡᠯᠮᠡᠢ ᠶᠢᠨ ᠡᠮᠦᠨ᠎ᠡ ᠮᠠᠭᠤ ᠶᠢ ᠦᠢᠯᠡᠳᠴᠡᠢ᠂ ᠲᠠᠨ ᠤ ᠶᠠᠷᠢᠶ᠎ᠠ ᠵᠥᠪ ᠲᠠᠨ ᠤ ᠰᠢᠭᠦᠯᠲᠡ ᠵᠦᠢᠲᠡᠢ᠃

5 ᠬᠠᠷᠠ᠂ ᠪᠢ ᠲᠥᠷᠥᠬᠦ ᠡᠴᠡ ᠪᠡᠨ ᠭᠡᠮ ᠲᠡᠢ᠂ ᠡᠬᠡ ᠮᠢᠨᠢ ᠨᠠᠮᠠᠶᠢ ᠲᠡᠭᠡᠭᠡᠬᠦ ᠦᠶ᠎ᠡ ᠡᠴᠡ ᠪᠢ ᠨᠢᠭᠦᠯ ᠲᠡᠢ ᠪᠠᠢᠭᠰᠠᠨ᠃
6 ᠬᠠᠷᠠ᠂ ᠳᠣᠲᠣᠭᠣᠳᠤ ᠬᠡᠰᠡᠭ ᠲᠦ ᠮᠢᠨᠢ ᠦᠨᠡᠨ ᠪᠠᠢᠬᠤ ᠶᠢ ᠲᠠ ᠬᠦᠰᠡᠳᠡᠭ ᠬᠠᠮᠤᠭ ᠤᠨ ᠨᠢᠭᠤᠴᠠᠭᠠᠢ ᠬᠡᠰᠡᠭ ᠲᠦ ᠮᠢᠨᠢ ᠲᠠ ᠮᠡᠷᠭᠡᠨ ᠤᠬᠠᠭᠠᠨ ᠢ ᠮᠡᠳᠡᠭᠦᠯᠦᠨ᠎ᠡ᠃
7 ᠾᠢᠰᠣᠫ ᠢᠶᠠᠷ ᠨᠠᠮᠠᠶᠢ ᠴᠡᠪᠡᠷᠯᠡᠭᠡᠴᠢ᠂ ᠪᠢ ᠴᠡᠪᠡᠷ ᠪᠣᠯᠬᠤ ᠶᠤᠮ ᠰᠠᠨ ᠨᠠᠮᠠᠶᠢ ᠤᠬᠢᠶᠠᠭᠠᠴᠢ ᠪᠢ ᠴᠠᠰᠤᠨ ᠠᠴᠠ ᠴᠠᠭᠠᠨ ᠪᠣᠯᠬᠤ ᠶᠤᠮ ᠰᠠᠨ᠃
8 ᠨᠠᠳᠠ ᠳᠤ ᠪᠠᠶᠠᠷ ᠬᠥᠷ ᠢ ᠰᠣᠨᠣᠰᠬᠠᠭᠠᠴᠢ ᠲᠠᠨ ᠤ ᠪᠢᠴᠠᠯᠤᠭᠰᠠᠨ ᠶᠠᠰᠤ ᠮᠢᠨᠢ ᠪᠠᠶᠠᠰᠬᠤ ᠪᠣᠯᠣᠭᠠᠰᠠᠢ᠃
9 ᠨᠢᠭᠦᠯ ᠡᠴᠡ ᠮᠢᠨᠢ ᠨᠢᠭᠤᠷ ᠢᠶᠠᠨ ᠪᠤᠷᠤᠭᠤᠯᠠᠵᠤ ᠪᠦᠬᠦ ᠭᠡᠮ ᠢ ᠮᠢᠨᠢ ᠠᠷᠢᠯᠭᠠᠭᠠᠴᠢ᠃

10 ᠪᠤᠷᠬᠠᠨ᠂ ᠮᠢᠨᠦ ᠳᠣᠲᠣᠷ᠎ᠠ ᠴᠡᠪᠡᠷ ᠵᠢᠷᠦᠬᠡ ᠶᠢ ᠪᠦᠲᠦᠭᠡᠵᠦ ᠮᠢᠨᠦ ᠳᠣᠲᠣᠷ᠎ᠠ ᠰᠦᠨᠡᠰᠦ ᠶᠢ ᠮᠢᠨᠢ ᠰᠢᠨᠡᠴᠢᠯᠡᠨ ᠪᠠᠲᠤᠵᠢᠭᠤᠯᠤᠭᠠᠴᠢ
11 ᠣᠷᠣᠰᠢᠬᠤᠢ ᠠᠴᠠ ᠪᠠᠨ ᠨᠠᠮᠠᠶᠢ ᠪᠦᠦ ᠬᠣᠯᠠᠳᠠᠭᠤᠯᠤᠭᠠᠴᠢ ᠠᠷᠢᠭᠤᠨ ᠰᠦᠨᠡᠰᠦ ᠪᠡᠨ ᠨᠠᠳᠠ ᠠᠴᠠ ᠪᠦᠦ ᠠᠪᠤᠭᠠᠴᠢ
12 ᠠᠪᠤᠷᠠᠯ ᠤᠨ ᠪᠠᠶᠠᠰᠤᠯ ᠢᠶᠠᠨ ᠨᠠᠳᠠ ᠳᠤ ᠰᠡᠷᠭᠦᠭᠡᠭᠡᠴᠢ ᠳᠤᠭᠤᠯᠭᠠᠪᠤᠷᠢ ᠶᠢᠨ ᠰᠦᠨᠡᠰᠦ ᠪᠡᠷ ᠨᠠᠮᠠᠶᠢ ᠲᠦᠰᠢᠭᠡᠴᠢ᠂
13 ᠲᠡᠭᠡᠪᠡᠯ ᠪᠢ ᠠᠯᠳᠠᠭ᠎ᠠ ᠲᠠᠢ ᠨᠢᠭᠡᠨ ᠳᠦ ᠲᠠᠨ ᠤ ᠵᠠᠮ ᠢ ᠵᠢᠭᠠᠬᠤ ᠪᠥᠭᠡᠳ ᠨᠢᠭᠦᠯᠲᠡᠳ ᠲᠠᠨ ᠤᠷᠤᠭᠤ ᠡᠷᠭᠢᠬᠦ ᠪᠣᠯᠣᠨ᠎ᠠ᠃

14 ᠪᠤᠷᠬᠠᠨ᠂ ᠮᠢᠨᠦ ᠠᠪᠤᠷᠠᠯ ᠤᠨ ᠪᠤᠷᠬᠠᠨ ᠨᠠᠮᠠᠶᠢ ᠴᠢᠰᠤ ᠤᠷᠤᠰᠬᠠᠭᠰᠠᠨ ᠶᠠᠯ᠎ᠠ ᠠᠴᠠ ᠬᠡᠯᠲᠦᠷᠢᠭᠦᠯᠦᠭᠡᠴᠢ ᠬᠡᠯᠡ ᠮᠢᠨᠢ ᠲᠠᠨ ᠤ ᠵᠥᠪᠲᠥᠭᠡᠯ ᠢ ᠪᠠᠶᠠᠷ ᠲᠠᠢ ᠪᠠᠷ ᠳᠠᠭᠤᠯᠠᠨ᠎ᠠ᠃
15 ᠶᠣᠬᠣᠸᠠ᠂ ᠣᠷᠣᠭᠤᠯ ᠢ ᠮᠢᠨᠢ ᠨᠡᠭᠡᠭᠡᠴᠢ ᠠᠮᠠ ᠮᠢᠨᠢ ᠲᠠᠨ ᠤ ᠮᠠᠭᠲᠠᠭᠠᠯ ᠢ ᠲᠤᠩ᠋ᠬᠠᠭᠯᠠᠨ᠎ᠠ᠃
16 ᠤᠴᠢᠷ ᠨᠢ ᠲᠠ ᠲᠠᠬᠢᠯ ᠢ ᠲᠠᠭᠠᠯᠠᠬᠤ ᠪᠢᠰᠢ᠂ ᠡᠰᠡ ᠲᠡᠭᠡᠪᠡᠯ ᠪᠢ ᠲᠡᠭᠦᠨ ᠢ ᠠᠪᠴᠢᠷᠠᠬᠤ ᠰᠠᠨ᠂ ᠲᠠ ᠰᠢᠲᠠᠭᠠᠯᠭᠠᠲᠤ ᠲᠠᠬᠢᠯ ᠢ ᠲᠠᠭᠠᠰᠢᠶᠠᠳᠠᠭ ᠪᠢᠰᠢ᠃
17 ᠪᠤᠷᠬᠠᠨ ᠤ ᠲᠠᠭᠠᠯᠠᠳᠠᠭ ᠲᠠᠬᠢᠯ ᠪᠣᠯ ᠡᠮᠲᠡᠷᠡᠭᠰᠡᠨ ᠰᠦᠨᠡᠰᠦ᠂ ᠡᠮᠲᠡᠷᠡᠭᠰᠡᠨ᠂ ᠭᠡᠮᠰᠢᠭᠰᠡᠨ ᠵᠢᠷᠦᠬᠡ ᠶᠢ ᠪᠤᠷᠬᠠᠨ ᠲᠠ ᠳᠣᠣᠷᠠᠰᠢᠶᠠᠬᠤ ᠦᠭᠡᠢ᠃

18 ᠲᠠ ᠥᠪᠡᠷ ᠦᠨ ᠢᠶᠠᠨ ᠲᠠᠭᠠᠯᠠᠯ ᠢᠶᠠᠷ ᠽᠢᠶᠣᠨ ᠳᠤ ᠰᠠᠢᠨ ᠢ ᠦᠢᠯᠡᠳᠦᠨ ᠶᠧᠷᠦ᠋ᠰᠠᠯᠧᠮ ᠤᠨ ᠬᠡᠷᠡᠮ ᠢ ᠪᠣᠰᠬᠠᠭᠠᠴᠢ᠂
19 ᠲᠡᠭᠡᠪᠡᠯ ᠲᠠ ᠵᠥᠪᠲᠦ ᠲᠠᠬᠢᠯ ᠤᠳ ᠢᠶᠠᠷ ᠰᠢᠲᠠᠭᠠᠯᠭᠠᠲᠤ ᠲᠠᠬᠢᠯ ᠪᠣᠯᠣᠨ ᠪᠦᠲᠦᠨ ᠰᠢᠲᠠᠭᠠᠯᠭᠠᠲᠤ ᠲᠠᠬᠢᠯ ᠢᠶᠠᠷ ᠪᠠᠶᠠᠷᠯᠠᠬᠤ ᠪᠣᠯᠣᠨ᠎ᠠ᠂ ᠲᠠᠨ ᠤ ᠲᠠᠬᠢᠯ ᠤᠨ ᠰᠢᠷᠡᠭᠡᠨ ᠳᠡᠭᠡᠷ᠎ᠡ ᠪᠤᠬ᠎ᠠ ᠨᠤᠭᠤᠳ ᠡᠷᠭᠦᠭᠳᠡᠨ᠎ᠡ᠃