ᠳᠠᠭᠤᠯᠠᠯ ᠵᠠᠭᠤ ᠭᠤᠴᠢᠨ ᠭᠤᠷᠪᠠ
ᠨᠢᠭᠡᠳᠬᠦ ᠨᠢ ᠰᠠᠢᠬᠠᠨ
ᠳ᠋ᠠᠸᠢᠳ᠋ ᠤᠨ ᠥᠭᠰᠥᠬᠦ ᠳᠠᠭᠤᠤ᠃
1 ᠬᠠᠷ᠎ᠠ᠂ ᠠᠬᠠᠨ ᠳᠡᠭᠦᠦᠰ ᠪᠠᠲᠤ ᠨᠢᠭᠡᠳᠦᠨ ᠰᠠᠭᠤᠬᠤ ᠨᠢ ᠶᠠᠭᠤᠲᠠᠢ ᠰᠠᠢᠨ᠂ ᠶᠠᠭᠤᠲᠠᠢ ᠰᠠᠢᠬᠠᠨ ᠪᠤᠢ︕
2 ᠲᠣᠯᠣᠭᠠᠢ ᠳᠡᠭᠡᠷᠡᠬᠢ ᠰᠠᠢᠨ ᠲᠣᠰᠣ ᠨᠢ ᠰᠠᠬᠠᠯ ᠤᠨ ᠬᠢᠨᠢ ᠳᠡᠭᠡᠭᠦᠷ ᠠᠷᠣᠨ ᠤ ᠰᠠᠬᠠᠯ ᠳᠡᠭᠡᠭᠦᠷ ᠪᠠᠭᠤᠵᠤ ᠳᠡᠪᠡᠯ ᠦᠨ ᠬᠢᠨᠢ ᠬᠣᠷᠮᠣᠢ ᠳᠤ ᠬᠦᠷᠲᠡᠯ᠎ᠡ ᠪᠠᠭᠤᠬᠤ ᠲᠠᠢ ᠠᠳᠠᠯᠢ᠂
3 ᠽᠢᠶᠣᠨ ᠤ ᠠᠭᠤᠯᠠᠰ ᠳᠡᠭᠡᠷ᠎ᠡ ᠾᠧᠷᠮᠣᠨ ᠤ ᠰᠢᠭᠦᠳᠡᠷᠢ ᠪᠠᠭᠤᠬᠤ ᠲᠠᠢ ᠠᠳᠠᠯᠢ ᠶᠤᠮ᠂ ᠤᠴᠢᠷ ᠨᠢ ᠲᠡᠨᠳᠡ ᠶᠣᠬᠣᠸᠠ ᠢᠪᠡᠭᠡᠯ ᠪᠠ ᠮᠥᠩᠬᠡ ᠠᠮᠢ ᠶᠢ ᠵᠠᠷᠯᠠᠭᠰᠠᠨ ᠪᠢᠯᠡ᠃