ᠳᠠᠭᠤᠯᠠᠯ ᠵᠠᠭᠤ ᠬᠣᠷᠢ
ᠠᠮᠤᠭᠤᠯᠠᠩ ᠤᠨ ᠲᠥᠯᠥᠭᠡᠬᠢ ᠭᠤᠶᠤᠯᠲᠠ
ᠥᠭᠰᠥᠬᠦ ᠳᠠᠭᠤᠤ\f + \fr 120:0 \ft ᠮᠥᠷᠭᠥᠯ ᠬᠢᠬᠦ ᠪᠡᠷ ᠶᠧᠷᠦ᠋ᠰᠠᠯᠧᠮ ᠥᠭᠡᠳᠡ ᠣᠴᠢᠬᠤ ᠦᠶ᠎ᠡ ᠳᠦ ᠳᠠᠭᠤᠯᠠᠳᠠᠭ ᠳᠠᠭᠤᠤ ᠪᠠᠢᠬ᠎ᠠ᠃\f*᠃
1 ᠵᠣᠪᠠᠯᠠᠩ ᠳᠤᠮᠳᠠ ᠪᠠᠨ ᠶᠣᠬᠣᠸᠠ ᠥᠭᠡᠳᠡ ᠬᠠᠰᠬᠢᠷᠬᠤ ᠳᠤ ᠮᠢᠨᠢ ᠲᠡᠷᠡ ᠮᠢᠨᠦᠬᠢ ᠶᠢ ᠰᠣᠨᠣᠰᠣᠭᠰᠠᠨ᠂
2 ᠶᠣᠬᠣᠸᠠ ᠡ᠂ ᠬᠤᠳᠠᠯᠴᠢ ᠣᠷᠣᠭᠤᠯ᠂ ᠬᠠᠭᠤᠷᠮᠠᠭ ᠬᠡᠯᠡᠨ ᠡᠴᠡ ᠨᠠᠮᠠᠶᠢ ᠠᠪᠤᠷᠠᠭᠠᠴᠢ᠂
3 ᠬᠠᠭᠤᠷᠮᠠᠭ ᠬᠡᠯᠡ ᠡ᠂ ᠲᠡᠷᠡ ᠴᠢᠮ᠎ᠠ ᠳᠤ ᠶᠠᠭᠤ ᠥᠭᠬᠦ ᠪᠤᠢ︖ ᠴᠢᠮ᠎ᠠ ᠳᠤ ᠥᠭᠡᠷ᠎ᠡ ᠶᠠᠭᠤ ᠶᠢ ᠨᠡᠮᠡᠬᠦ ᠪᠤᠢ︖ ᠭᠡᠪᠡᠯ
4 ᠠᠷᠴᠠ ᠮᠣᠳᠣᠨ ᠤ ᠨᠣᠴᠣᠮᠠ ᠬᠠᠯᠠᠭᠤᠨ ᠨᠡᠭᠦᠷᠡᠰᠦ ᠬᠢᠭᠡᠳ ᠡᠷᠡᠮᠡᠭᠡᠢ ᠴᠡᠷᠢᠭ ᠤᠨ ᠬᠤᠷᠴᠠ ᠰᠤᠮᠤ ᠶᠤᠮ᠃
5 ᠮᠧᠱᠧᠺ ᠲᠤ ᠴᠠᠭᠠᠴᠢᠯᠠᠵᠤ ᠺᠧᠳᠠᠷ ᠤᠨ ᠮᠠᠢᠬᠠᠨ ᠨᠤᠭᠤᠳ ᠤᠨ ᠳᠤᠮᠳᠠ ᠰᠠᠭᠤᠳᠠᠭ ᠮᠠᠨᠢ ᠨᠠᠳᠠ ᠳᠤ ᠭᠠᠢ ᠪᠣᠯᠵᠠᠢ᠂
6 ᠪᠢ ᠡᠩᠬᠡ ᠶᠢ ᠵᠢᠭ᠍ᠰᠢᠭ᠍ᠴᠢ ᠲᠠᠢ ᠬᠠᠮᠲᠤ ᠶᠡᠬᠡ ᠤᠳᠠᠭᠠᠨ ᠰᠠᠭᠤᠵᠠᠢ᠂
7 ᠪᠢ ᠪᠣᠯ ᠡᠩᠬᠡ ᠶᠢ ᠬᠦᠰᠡᠭᠴᠢ᠂ ᠪᠢ ᠶᠠᠷᠢᠵᠤ ᠪᠠᠢᠬᠤ ᠳᠤ᠂ ᠲᠡᠳᠡ ᠳᠠᠢᠲᠤᠬᠤ ᠪᠠᠷ ᠪᠠᠢᠳᠠᠭ᠃