1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠴᠢ ᠶᠢᠰᠦ
 ᠬᠥᠮᠦᠨ ᠦ ᠠᠮᠢᠳᠤᠷᠠᠯ ᠬᠣᠭᠣᠰᠣᠨ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠶᠧᠳᠦ᠋ᠲ᠋ᠦ᠋ᠨ ᠳᠤ᠃

1 ᠪᠢ 《ᠵᠠᠮ ᠮᠥᠷ ᠢᠶᠡᠨ ᠰᠠᠬᠢᠵᠤ ᠠᠮᠠ ᠬᠡᠯᠡ ᠪᠡᠷ ᠢᠶᠠᠨ ᠨᠢᠭᠦᠯ ᠦᠢᠯᠡᠳᠬᠦ ᠦᠭᠡᠢ᠂ ᠪᠤᠷᠤᠭᠤᠲᠠᠨ ᠮᠢᠨᠦ ᠡᠮᠦᠨ᠎ᠡ ᠪᠠᠢᠬᠤ ᠵᠠᠭᠤᠷ᠎ᠠ ᠠᠮᠠ ᠪᠠᠨ ᠬᠠᠵᠠᠭᠠᠷᠯᠠᠬᠤ ᠪᠣᠯᠣᠨ᠎ᠠ》 ᠭᠡᠳ
2 ᠠᠨᠢᠷ ᠴᠢᠮᠡᠭᠡ ᠦᠭᠡᠢ ᠪᠠᠢᠵᠤ ᠰᠠᠢᠨ ᠤ ᠲᠠᠯ᠎ᠠ ᠪᠠᠷ ᠴᠤ ᠳᠠᠭᠤ ᠦᠭᠡᠢ ᠪᠠᠢᠬᠤ ᠳᠤ ᠰᠢᠨᠠᠯᠤᠯ ᠮᠢᠨᠢ ᠨᠡᠮᠡᠭᠳᠡᠪᠡ᠂
3 ᠳᠣᠲᠣᠷ᠎ᠠ ᠮᠢᠨᠢ ᠵᠢᠷᠦᠬᠡ ᠬᠠᠯᠠᠭᠤᠨ ᠣᠷᠭᠢᠪᠠ ᠲᠤᠩ᠋ᠭᠠᠬᠤ ᠲᠤᠲᠤᠮ ᠭᠠᠯ ᠳᠦᠷᠡᠯᠵᠡᠪᠡ ᠢᠩᠭᠢᠭᠡᠳ ᠪᠢ ᠥᠪᠡᠷ ᠦᠨ ᠢᠶᠠᠨ ᠬᠡᠯᠡ ᠪᠡᠷ
4 《ᠡᠵᠡᠨ᠂ ᠡᠴᠦᠰ ᠢ ᠮᠢᠨᠢ᠂ ᠨᠠᠰᠤᠨ ᠤ ᠮᠢᠨᠢ ᠬᠡᠮᠵᠢᠶ᠎ᠡ ᠶᠢ ᠨᠠᠳᠠ ᠳᠤ ᠮᠡᠳᠡᠭᠦᠯᠦᠭᠡᠴᠢ ᠬᠡᠴᠢᠨᠡᠨ ᠳᠣᠷᠣᠢ ᠪᠠᠨ ᠪᠢ ᠮᠡᠳᠡᠶ᠎ᠡ᠃
5 ᠬᠠᠷᠠᠭᠠᠴᠢ᠂ ᠠᠯᠠᠭᠠᠨ ᠴᠢᠨᠡᠭᠡᠬᠡᠨ ᠡᠳᠦᠷ ᠤᠳ ᠢ ᠲᠠ ᠨᠠᠳᠠ ᠳᠤ ᠰᠣᠶᠣᠷᠬᠠᠭᠰᠠᠨ ᠠᠮᠢ ᠨᠠᠰᠤ ᠮᠢᠨᠢ ᠲᠠᠨ ᠤ ᠡᠮᠦᠨ᠎ᠡ ᠶᠠᠭᠤ ᠴᠤ ᠪᠢᠰᠢ᠂ ᠬᠥᠮᠦᠨ ᠪᠦᠷᠢ ᠵᠦᠭᠡᠷ ᠯᠠ ᠨᠢᠭᠡ ᠠᠮᠢᠰᠬᠤᠯ ᠲᠡᠳᠦᠢ ᠶᠤᠮ᠃
 
ᠰᠧᠯᠠ

6 ᠬᠥᠮᠦᠨ ᠪᠦᠷᠢ ᠰᠦᠭ ᠰᠡᠭᠦᠳᠡᠷ ᠰᠢᠭ ᠯᠠ ᠶᠠᠪᠤᠨ᠎ᠠ ᠬᠤᠷᠠᠮᠳᠤᠭᠤᠯᠳᠠᠭ ᠪᠣᠯᠪᠠᠴᠤ ᠬᠡᠨ ᠲᠡᠭᠦᠨ ᠢ ᠨᠢ ᠣᠯᠵᠤ ᠠᠪᠬᠤ ᠶᠢ ᠮᠡᠳᠡᠳᠡᠭ ᠦᠭᠡᠢ ᠬᠣᠭᠣᠰᠣᠨ ᠶᠠᠭᠤᠮᠠᠨ ᠤ ᠯᠠ ᠲᠥᠯᠥᠭᠡ ᠮᠤᠩᠭᠢᠨᠠᠨ᠎ᠠ᠃

7 ᠥ ᠡᠵᠡᠨ᠂ ᠣᠳᠣ ᠪᠢ ᠶᠠᠭᠤ ᠶᠢ ᠬᠦᠯᠢᠶᠡᠨ᠎ᠡ ᠪᠤᠢ︖ ᠮᠢᠨᠦ ᠨᠠᠢᠳᠠᠪᠤᠷᠢ ᠲᠠᠨ ᠳᠤ ᠯᠠ ᠪᠠᠢᠨ᠎ᠠ᠃
8 ᠨᠠᠮᠠᠶᠢ ᠪᠦᠬᠦ ᠨᠢᠭᠦᠯ ᠡᠴᠡ ᠮᠢᠨᠢ ᠴᠢᠯᠥᠭᠡᠯᠡᠵᠦ ᠡᠷᠭᠢᠭᠦᠦ ᠬᠥᠮᠦᠨ ᠦ ᠡᠯᠡᠭ ᠳᠣᠭᠣᠭᠢ ᠪᠦᠦ ᠪᠣᠯᠭᠠᠭᠠᠴᠢ᠃
9 ᠲᠠ ᠡᠳᠡᠭᠡᠷ ᠢ ᠦᠢᠯᠡᠳᠦᠭᠰᠡᠨ ᠲᠤᠯᠠ ᠪᠢ ᠳᠠᠭᠤ ᠦᠭᠡᠢ᠂ ᠠᠮᠠ ᠪᠠᠨ ᠨᠡᠭᠡᠭᠡᠬᠦ ᠦᠭᠡᠢ ᠪᠠᠢᠳᠠᠭ᠃
10 ᠭᠠᠮᠰᠢᠭ ᠢᠶᠠᠨ ᠨᠠᠳᠠ ᠠᠴᠠ ᠵᠠᠢᠯᠠᠭᠤᠯᠤᠭᠠᠴᠢ ᠲᠠᠨ ᠤ ᠮᠤᠲᠤᠷ ᠤᠨ ᠴᠣᠬᠢᠯᠲᠠ ᠪᠠᠷ ᠪᠢ ᠳᠠᠭᠤᠰᠬᠤ ᠪᠣᠯᠣᠯ᠎ᠠ᠃
11 ᠲᠠ ᠬᠥᠮᠦᠨ ᠢ ᠭᠡᠮ ᠡᠴᠡ ᠨᠢ ᠪᠣᠯᠵᠤ ᠭᠡᠰᠬᠡᠵᠦ ᠵᠢᠮᠡᠯᠡᠬᠦ ᠳᠡᠭᠡᠨ ᠡᠷᠬᠢᠮᠯᠡᠳᠡᠭ ᠵᠦᠢᠯ ᠢ ᠨᠢ ᠡᠷᠪᠡᠬᠡᠢ ᠶᠢ ᠤᠰᠠᠳᠬᠠᠬᠤ ᠮᠡᠲᠦ ᠤᠰᠠᠳᠬᠠᠨ᠎ᠠ᠂ ᠬᠥᠮᠦᠨ ᠪᠦᠷᠢ ᠵᠦᠭᠡᠷ ᠯᠠ ᠨᠢᠭᠡ ᠠᠮᠢᠰᠬᠤᠯ ᠶᠤᠮ᠃
 
ᠰᠧᠯᠠ


12 ᠶᠣᠬᠣᠸᠠ᠂ ᠳᠠᠭᠠᠳᠬᠠᠯ ᠢ ᠮᠢᠨᠢ ᠰᠣᠨᠣᠰᠣᠭᠠᠴᠢ ᠬᠠᠰᠬᠢᠷᠬᠤ ᠳᠤ ᠮᠢᠨᠢ ᠴᠢᠬᠢ ᠲᠠᠯᠪᠢᠭᠠᠴᠢ ᠨᠢᠯᠪᠤᠰᠤ ᠤᠨᠠᠭᠠᠬᠤ ᠳᠤ ᠮᠢᠨᠢ ᠪᠦᠦ ᠳᠠᠭᠤ ᠦᠭᠡᠢ ᠪᠠᠢᠭᠠᠴᠢ ᠪᠦᠬᠦ ᠡᠴᠢᠭᠡ ᠡᠪᠦᠭᠡᠳ ᠦᠨ ᠢᠶᠠᠨ ᠠᠳᠠᠯᠢ ᠪᠢ ᠴᠤ ᠬᠠᠷᠢ ᠶᠢᠨ ᠴᠠᠭᠠᠴᠢᠨ᠂ ᠲᠠᠨ ᠲᠠᠢ ᠬᠠᠮᠲᠤ ᠰᠠᠭᠤᠭᠴᠢ ᠶᠤᠮ᠃
13 ᠣᠳᠴᠤ ᠠᠯᠠᠭ᠎ᠠ ᠪᠣᠯᠬᠤ ᠠᠴᠠ ᠮᠢᠨᠢ ᠡᠮᠦᠨ᠎ᠡ ᠥᠪᠡᠷ ᠦᠨ ᠬᠠᠷᠠᠴᠠ ᠶᠢ ᠨᠠᠳᠠ ᠠᠴᠠ ᠰᠠᠯᠭᠠᠭᠠᠴᠢ ᠲᠡᠭᠡᠪᠡᠯ ᠪᠢ ᠳᠠᠬᠢᠨ ᠢᠨᠢᠶᠡᠨ᠎ᠡ᠃》