ᠳᠠᠭᠤᠯᠠᠯ ᠬᠣᠷᠢᠨ ᠨᠢᠭᠡ
ᠪᠢᠳᠡᠨ ᠦ ᠬᠠᠭᠠᠨ ᠳᠤ ᠲᠤᠰᠠᠯᠠᠭᠠᠴᠢ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠶᠣᠬᠣᠸᠠ᠂ ᠲᠠᠨ ᠤ ᠬᠦᠴᠦᠨ ᠳᠦ ᠬᠠᠭᠠᠨ ᠪᠠᠶᠠᠷᠯᠠᠨ᠎ᠠ᠂ ᠲᠠᠨ ᠤ ᠠᠪᠤᠷᠠᠯ 7 ᠳᠤ ᠲᠡᠷᠡ ᠶᠠᠭᠤᠲᠠᠢ ᠶᠡᠬᠡ ᠪᠠᠶᠠᠰᠤᠨ᠎ᠠ ᠪᠤᠢ︕
2 ᠵᠢᠷᠦᠬᠡᠨ ᠦ ᠬᠢᠨᠢ ᠬᠦᠰᠡᠯ ᠢ ᠲᠠ ᠵᠥᠪᠰᠢᠶᠡᠷᠡᠪᠡ ᠣᠷᠣᠭᠤᠯ ᠤᠨ ᠬᠢᠨᠢ ᠭᠤᠶᠤᠯᠲᠠ ᠶᠢ ᠲᠠ ᠦᠯᠦ ᠣᠭᠣᠷᠪᠠ᠃
ᠰᠧᠯᠠ
3 ᠲᠠ ᠰᠠᠢᠨ ᠰᠠᠢᠬᠠᠨ ᠢᠷᠥᠭᠡᠯ ᠢᠶᠡᠷ ᠲᠡᠭᠦᠨ ᠢ ᠤᠭᠲᠤᠨ ᠠᠪᠴᠤ ᠲᠣᠯᠣᠭᠠᠢ ᠳᠤᠨᠢ ᠰᠢᠵᠢᠷ ᠠᠯᠲᠠᠨ ᠲᠢᠲᠢᠮ ᠢ ᠡᠮᠦᠰᠬᠡᠭᠰᠡᠨ᠃
4 ᠲᠠᠨ ᠠᠴᠠ ᠠᠮᠢ ᠶᠢ ᠭᠤᠶᠤᠬᠤ ᠳᠤᠨᠢ ᠲᠠ ᠤᠷᠲᠤ ᠨᠠᠰᠤ ᠶᠢ᠂ ᠮᠥᠩᠬᠡ ᠶᠢᠨ ᠮᠥᠩᠬᠡ ᠶᠢ ᠵᠥᠪᠰᠢᠶᠡᠷᠡᠭᠰᠡᠨ᠃
5 ᠲᠠᠨ ᠤ ᠠᠪᠤᠷᠠᠯ ᠢᠶᠠᠷ ᠲᠡᠭᠦᠨ ᠦ ᠨᠡᠷ᠎ᠡ ᠬᠦᠨᠳᠦ ᠠᠭᠤᠤ ᠪᠣᠯᠵᠠᠢ ᠢᠷᠠᠭᠤ ᠠᠯᠳᠠᠷ ᠢ ᠲᠠ ᠲᠡᠭᠦᠨ ᠳᠦ ᠬᠦᠷᠲᠡᠭᠡᠵᠡᠢ᠃
6 ᠦᠨᠡᠬᠡᠷ ᠲᠠ ᠮᠥᠩᠬᠡ ᠶᠢᠨ ᠢᠪᠡᠭᠡᠯ ᠢ ᠲᠡᠭᠦᠨ ᠳᠦ ᠵᠥᠪᠰᠢᠶᠡᠷᠡᠵᠡᠢ ᠥᠪᠡᠷ ᠦᠨ ᠢᠶᠠᠨ ᠣᠷᠣᠰᠢᠬᠤᠢ ᠶᠢᠨ ᠪᠠᠶᠠᠷ ᠢᠶᠠᠷ ᠲᠡᠭᠦᠨ ᠢ ᠵᠢᠷᠭᠠᠭᠤᠯᠵᠠᠢ᠃
7 ᠬᠠᠭᠠᠨ ᠶᠣᠬᠣᠸᠠ ᠳᠤ ᠢᠲᠡᠭᠡᠳᠡᠭ ᠬᠠᠮᠤᠭ ᠤᠨ ᠳᠡᠭᠡᠳᠦ ᠨᠢᠭᠡᠨ ᠦ ᠦᠨᠡᠨ ᠬᠠᠢᠷ᠎ᠠ ᠪᠠᠷ ᠲᠡᠷᠡ ᠭᠠᠩ᠋ᠬᠤᠬᠤ ᠦᠭᠡᠢ᠃
8 ᠲᠠᠨ ᠤ ᠮᠤᠲᠤᠷ ᠪᠦᠬᠦ ᠳᠠᠢᠰᠤᠨ ᠢᠶᠠᠨ ᠣᠯᠣᠨ᠎ᠠ ᠲᠠᠨ ᠤ ᠪᠠᠷᠠᠭᠤᠨ ᠮᠤᠲᠤᠷ ᠥᠰᠲᠡᠨ ᠨᠦᠭᠦᠳ ᠢᠶᠡᠨ ᠣᠯᠣᠨ᠎ᠠ᠃
9 ᠲᠠ ᠢᠯᠡᠷᠡᠬᠦ ᠴᠠᠭ ᠲᠠᠭᠠᠨ ᠲᠡᠳᠡᠨ ᠢ ᠭᠠᠯ ᠲᠠᠢ ᠵᠤᠤᠬᠠᠨ ᠳᠤ ᠪᠠᠢᠬᠤ ᠮᠡᠲᠦ ᠪᠣᠯᠭᠠᠨ᠎ᠠ ᠶᠣᠬᠣᠸᠠ ᠶᠢᠨ ᠬᠢᠯᠢᠩ ᠲᠡᠳᠡᠨ ᠢ ᠵᠠᠯᠭᠢᠵᠤ ᠭᠠᠯ ᠲᠡᠳᠡᠨ ᠢ ᠰᠢᠲᠠᠭᠠᠨ᠎ᠠ᠃
10 ᠦᠷ᠎ᠡ ᠤᠳᠤᠮ ᠢ ᠨᠢ ᠲᠠ ᠭᠠᠵᠠᠷ ᠠᠴᠠ ᠦᠷ᠎ᠡ ᠬᠣᠢᠴᠢ ᠶᠢ ᠨᠢ ᠲᠠ ᠬᠥᠮᠦᠨ ᠦ ᠬᠥᠪᠡᠭᠦᠳ ᠦᠨ ᠳᠤᠮᠳᠠ ᠠᠴᠠ ᠤᠰᠠᠳᠬᠠᠬᠤ ᠪᠣᠯᠣᠨ᠎ᠠ᠃
11 ᠬᠣᠷᠣᠨ ᠮᠠᠭᠤ ᠶᠢ ᠲᠡᠳᠡ ᠲᠠᠨ ᠤ ᠡᠰᠡᠷᠭᠦ ᠰᠡᠳᠦᠵᠦ ᠬᠤᠤᠪᠢᠯᠳᠤᠭᠠᠨ ᠵᠣᠬᠢᠶᠠᠳᠠᠭ ᠪᠣᠯᠪᠠᠴᠤ ᠠᠮᠵᠢᠯᠲᠠ ᠳᠤ ᠬᠦᠷᠬᠦ ᠦᠭᠡᠢ᠃
12 ᠲᠠ ᠨᠢᠭᠤᠷ ᠤᠷᠤᠭᠤ ᠨᠢ ᠰᠤᠮᠤ ᠪᠠᠨ ᠣᠨᠢᠯᠠᠬᠤ ᠳᠤ᠂ ᠲᠡᠳᠡ ᠨᠢᠷᠤᠭᠤ ᠪᠠᠨ ᠬᠠᠷᠠᠭᠤᠯᠤᠨ ᠵᠢᠭᠤᠲᠠᠬᠤ ᠪᠣᠯᠣᠨ᠎ᠠ᠂
13 ᠶᠣᠬᠣᠸᠠ᠂ ᠲᠠ ᠬᠦᠴᠦ ᠶᠢᠨ ᠢᠶᠠᠨ ᠤᠯᠠᠮ ᠢᠶᠠᠷ ᠡᠷᠭᠦᠮᠵᠢᠯᠡᠭᠳᠡᠭᠡᠴᠢ︕ ᠪᠢᠳᠡ ᠲᠠᠨ ᠤ ᠰᠦᠷ ᠬᠦᠴᠦ ᠶᠢ ᠳᠠᠭᠤᠯᠠᠨ ᠮᠠᠭᠲᠠᠬᠤ ᠪᠣᠯᠣᠨ᠎ᠠ᠃