ᠳᠠᠭᠤᠯᠠᠯ ᠵᠠᠭᠤ ᠠᠷᠪᠠᠨ ᠳᠥᠷᠪᠡ
ᠴᠢᠯᠥᠭᠡᠯᠡᠭᠴᠢ ᠪᠤᠷᠬᠠᠨ
1 ᠢᠰᠷᠧᠯ ᠶᠧᠵᠢᠫᠲ ᠡᠴᠡ ᠶᠠᠺᠣᠪ ᠤᠨ ᠭᠡᠷ ᠬᠠᠷᠢ ᠬᠡᠯᠡ ᠲᠠᠢ ᠦᠨᠳᠦᠰᠦᠲᠡᠨ ᠦ ᠳᠤᠮᠳᠠ ᠠᠴᠠ ᠭᠠᠷᠬᠤ ᠳᠤ
2 ᠶᠦᠳᠠ ᠶᠣᠬᠣᠸᠠ ᠶᠢᠨ ᠠᠷᠢᠭᠤᠨ ᠭᠠᠵᠠᠷ ᠢᠰᠷᠧᠯ ᠲᠡᠭᠦᠨ ᠢᠶᠡᠷ ᠵᠠᠬᠢᠷᠤᠭᠤᠯᠤᠭᠴᠢ ᠪᠣᠯᠣᠭᠰᠠᠨ᠃
3 ᠲᠠᠩᠭᠢᠰ ᠬᠠᠷᠠᠭᠠᠳ ᠵᠢᠭᠤᠲᠠᠪᠠ ᠶᠣᠷᠳᠠᠨ ᠤᠬᠤᠷᠢᠪᠠ᠃
4 ᠠᠭᠤᠯᠠᠰ ᠬᠤᠴᠠ ᠮᠡᠲᠦ ᠲᠣᠯᠣᠭᠠᠳ ᠬᠤᠷᠠᠭ᠎ᠠ ᠮᠡᠲᠦ ᠳᠡᠪᠬᠡᠷᠪᠡ᠃
5 ᠲᠠᠩᠭᠢᠰ ᠡ᠂ ᠴᠢ ᠶᠠᠭᠤᠨ ᠳᠤ ᠵᠢᠭᠤᠲᠠᠪᠠ ᠡ︖ ᠶᠣᠷᠳᠠᠨ ᠡ᠂ ᠴᠢ ᠶᠠᠭᠤᠨ ᠳᠤ ᠤᠬᠤᠷᠢᠪᠠ ᠡ︖
6 ᠠᠭᠤᠯᠠᠰ ᠡ᠂ ᠶᠠᠭᠤᠨ ᠳᠤ ᠬᠤᠴᠠ ᠮᠡᠲᠦ᠂ ᠲᠣᠯᠣᠭᠠᠳ ᠡ᠂ ᠶᠠᠭᠤᠨ ᠳᠤ ᠬᠤᠷᠠᠭ᠎ᠠ ᠮᠡᠲᠦ ᠳᠡᠪᠬᠡᠷᠪᠡ︖
7 ᠭᠠᠵᠠᠷ ᠡᠵᠡᠨ ᠦ ᠡᠮᠦᠨ᠎ᠡ ᠶᠠᠺᠣᠪ ᠤᠨ ᠪᠤᠷᠬᠠᠨ ᠤ ᠡᠮᠦᠨ᠎ᠡ ᠳᠣᠷᠭᠢᠭᠲᠤᠨ᠃
8 ᠲᠡᠷᠡ ᠪᠡᠷ ᠬᠠᠳᠠ ᠶᠢ ᠴᠥᠭᠥᠷᠥᠮ ᠴᠠᠬᠢᠭᠤᠷ ᠴᠢᠯᠠᠭᠤ ᠶᠢ ᠤᠰᠤᠨ ᠤ ᠤᠨᠳᠤᠷᠤᠭ᠎ᠠ ᠪᠣᠯᠭᠠᠭᠰᠠᠨ᠃