ᠳᠠᠭᠤᠯᠠᠯ ᠲᠠᠪᠢᠨ ᠲᠠᠪᠤ
ᠮᠡᠬᠡᠯᠡᠭᠳᠡᠭᠰᠡᠨ ᠬᠥᠮᠦᠨ ᠦ ᠭᠤᠶᠤᠯᠲᠠ
ᠳ᠋ᠠᠸᠢᠳ᠋ ᠤᠨ ᠰᠤᠷᠭᠠᠯᠲᠤ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠤᠲᠠᠰᠤᠲᠤ ᠬᠥᠭᠵᠢᠮ ᠤᠨ ᠳᠡᠭᠡᠷ᠎ᠡ᠃
1 ᠪᠤᠷᠬᠠᠨ᠂ ᠳᠠᠭᠠᠳᠬᠠᠯ ᠳᠤ ᠮᠢᠨᠢ ᠴᠢᠬᠢ ᠲᠠᠯᠪᠢᠭᠠᠴᠢ ᠭᠤᠶᠤᠬᠤ ᠳᠤ ᠮᠢᠨᠢ ᠪᠦᠦ ᠨᠢᠭᠤᠭᠳᠠᠭᠠᠴᠢ᠃
2 ᠮᠢᠨᠦᠬᠢ ᠶᠢ ᠠᠩ᠋ᠬᠠᠷᠴᠤ ᠬᠠᠷᠢᠭᠤᠯᠤᠭᠠᠴᠢ᠂ ᠪᠢ ᠭᠣᠮᠣᠳᠠᠯ ᠳᠣᠲᠣᠷ᠎ᠠ ᠠᠮᠠᠷᠠᠯ ᠣᠯᠬᠤ ᠦᠭᠡᠢ᠂ ᠰᠡᠭᠦᠷᠡᠰᠦ ᠠᠯᠳᠠᠵᠤ ᠪᠠᠢᠭ᠎ᠠ ᠨᠢ
3 ᠥᠰᠲᠡᠨ ᠦ ᠦᠢᠮᠡᠭᠡᠨ᠂ ᠪᠤᠷᠤᠭᠤᠲᠠᠨ ᠤ ᠪᠤᠵᠢᠭᠢᠨᠠᠭᠠᠨ ᠤ ᠤᠴᠢᠷ ᠶᠤᠮ᠂ ᠲᠡᠳᠡ ᠨᠠᠳᠠ ᠳᠤ ᠵᠣᠪᠠᠯᠠᠩ ᠤᠴᠠᠷᠠᠭᠤᠯᠵᠤ ᠠᠭᠤᠷ ᠲᠠᠢ ᠪᠠᠷ ᠨᠠᠮᠠᠶᠢ ᠳᠠᠢᠰᠤᠩᠨᠠᠳᠠᠭ᠃
4 ᠮᠢᠨᠦ ᠳᠣᠲᠣᠷ᠎ᠠ ᠵᠢᠷᠦᠬᠡ ᠮᠢᠨᠢ ᠤᠢᠮᠤᠷᠠᠵᠤ ᠦᠬᠦᠯ ᠦᠨ ᠠᠢᠳᠠᠰ ᠨᠠᠮᠠᠶᠢ ᠨᠥᠮᠥᠷᠴᠡᠢ᠃
5 ᠠᠶᠤᠯ ᠪᠠ ᠠᠢᠳᠠᠰ ᠨᠠᠳᠠ ᠳᠤ ᠬᠦᠷᠴᠦ ᠪᠢ ᠠᠶᠤᠮᠰᠢᠭ ᠲᠤ ᠠᠪᠲᠠᠵᠠᠢ᠃
6 ᠪᠢ᠄ 《ᠲᠠᠭᠲᠠᠭ᠎ᠠ ᠰᠢᠭ᠋ ᠵᠢᠭᠦᠷ ᠲᠡᠢ ᠪᠠᠢᠭᠰᠠᠨ ᠪᠣᠯ ᠪᠢ ᠨᠢᠰᠦᠨ ᠶᠠᠪᠤᠵᠤ᠂ ᠠᠮᠠᠷᠠᠬᠤ ᠰᠠᠨ
7 ᠦᠨᠡᠬᠡᠷ ᠬᠣᠯᠠᠳᠠᠨ ᠶᠠᠪᠤᠵᠤ ᠴᠥᠯ ᠳᠤ ᠬᠣᠨᠣᠭᠯᠠᠬᠤ ᠰᠠᠨ᠃
ᠰᠧᠯᠠ
8 ᠬᠤᠢ ᠰᠠᠯᠬᠢ ᠪᠠ ᠰᠢᠭᠤᠷᠭᠠᠨ ᠠᠴᠠ ᠰᠠᠯᠵᠤ ᠬᠣᠷᠭᠣᠳᠠᠬᠤ ᠭᠠᠵᠠᠷ ᠢᠶᠠᠨ ᠶᠠᠭᠠᠷᠠᠨ ᠣᠯᠬᠤ ᠰᠠᠨ》 ᠭᠡᠪᠡ᠃
9 ᠬᠡᠯᠡ ᠶᠠᠷᠢᠶ᠎ᠠ ᠶᠢ ᠨᠢ ᠲᠠ ᠦᠢᠮᠡᠭᠦᠯᠦᠨ ᠰᠠᠮᠠᠭᠤᠷᠠᠭᠤᠯᠤᠭᠠᠴᠢ᠂ ᠡᠵᠡᠨ ᠡ᠂ ᠬᠦᠴᠦᠷᠬᠡᠭᠯᠡᠯ ᠪᠠ ᠲᠡᠮᠡᠴᠡᠭᠡᠨ ᠢ ᠨᠢ ᠪᠢ ᠬᠣᠲᠠ ᠳᠤ ᠬᠠᠷᠠᠭᠰᠠᠨ᠂
10 ᠬᠡᠷᠡᠮ ᠳᠡᠭᠡᠭᠦᠷ ᠨᠢ ᠲᠡᠳᠡᠭᠡᠷ ᠵᠦᠢᠯ ᠡᠳᠦᠷᠵᠢᠨ ᠰᠥᠨᠢᠵᠢᠨ ᠲᠣᠭᠣᠷᠢᠨ ᠶᠠᠪᠤᠳᠠᠭ ᠪᠥᠭᠡᠳ ᠳᠣᠲᠣᠷ᠎ᠠ ᠨᠢ ᠬᠣᠷᠣᠨ ᠮᠠᠭᠤ ᠪᠠ ᠬᠥᠨᠥᠭᠡᠯ ᠪᠤᠢ᠃
11 ᠬᠣᠲᠠ ᠶᠢᠨ ᠳᠣᠲᠣᠷ᠎ᠠ ᠰᠦᠢᠷᠡᠯ ᠠᠵᠢᠯᠯᠠᠵᠤ ᠪᠠᠢᠨ᠎ᠠ ᠳᠠᠷᠤᠯᠠᠯ ᠬᠢᠭᠡᠳ ᠮᠡᠬᠡᠯᠡᠯ ᠭᠤᠳᠤᠮᠵᠢᠨ ᠠᠴᠠ ᠨᠢ ᠰᠠᠯᠬᠤ ᠦᠭᠡᠢ ᠪᠠᠢᠨ᠎ᠠ᠃
12 ᠳᠠᠢᠰᠤᠨ ᠨᠠᠮᠠᠶᠢ ᠳᠣᠭᠣᠭᠢᠯᠠᠭᠰᠠᠨ ᠪᠣᠯ᠂ ᠪᠢ ᠳᠠᠭᠠᠭᠠᠬᠤ ᠪᠠᠢᠭᠰᠠᠨ ᠥᠰᠲᠡᠨ ᠨᠠᠳᠠ ᠳᠤ ᠣᠩᠭᠢᠷᠠᠭᠰᠠᠨ ᠪᠣᠯ᠂ ᠪᠢ ᠳᠠᠯᠳᠠᠯᠠᠬᠤ ᠪᠠᠢᠭᠰᠠᠨ᠂
13 ᠬᠠᠷᠢᠨ ᠲᠡᠭᠡᠭᠰᠡᠨ ᠨᠢ ᠮᠢᠨᠦ ᠢᠵᠢᠯᠢ᠂ ᠮᠢᠨᠦ ᠠᠨᠳᠠ᠂ ᠮᠢᠨᠦ ᠲᠠᠨᠢᠳᠠᠭ ᠨᠠᠢᠵᠢ ᠴᠢ᠂
14 ᠪᠡᠶ᠎ᠡ ᠪᠡᠶ᠎ᠡ ᠲᠠᠢ ᠪᠠᠨ ᠠᠮᠲᠠᠲᠠᠢ ᠵᠣᠭᠣᠭ ᠳᠡᠯᠭᠡᠵᠦ ᠪᠤᠷᠬᠠᠨ ᠤ ᠥᠷᠭᠥᠭᠡᠨ ᠳᠦ ᠣᠯᠠᠨ ᠤ ᠳᠤᠮᠳᠠᠭᠤᠷ ᠠᠯᠬᠤᠳᠠᠭ ᠪᠠᠢᠭᠰᠠᠨ ᠴᠢ ᠪᠠᠢᠨ᠎ᠠ᠃
15 ᠰᠠᠭᠤᠴᠠᠨ ᠳᠤᠨᠢ᠂ ᠰᠡᠳᠬᠢᠯ ᠳᠦᠨᠢ ᠬᠣᠷᠣᠨ ᠮᠠᠭᠤ ᠪᠠᠢᠳᠠᠭ ᠤᠴᠢᠷ ᠦᠬᠦᠯ ᠲᠡᠳᠡᠨ ᠢ ᠭᠦᠢᠴᠡᠭ ᠦᠬᠦᠭᠰᠡᠳ ᠦᠨ ᠣᠷᠣᠨ ᠤᠷᠤᠭᠤ ᠲᠡᠳᠡ ᠠᠮᠢᠳᠤ ᠪᠠᠷ ᠢᠶᠠᠨ ᠤᠷᠤᠭᠤᠳᠠᠭ᠃
16 ᠬᠠᠷᠢᠨ ᠪᠢ ᠪᠤᠷᠬᠠᠨ ᠢ ᠳᠠᠭᠤᠳᠠᠵᠤ᠂ ᠶᠣᠬᠣᠸᠠ ᠨᠠᠮᠠᠶᠢ ᠠᠪᠤᠷᠠᠨ᠎ᠠ᠃
17 ᠦᠳᠡᠰᠢ᠂ ᠥᠷᠯᠥᠭᠡ ᠪᠣᠯᠣᠨ ᠦᠳᠡ ᠳᠤᠮᠳᠠ ᠪᠢ ᠭᠣᠮᠣᠳᠠᠨ ᠰᠡᠭᠦᠷᠡᠰᠦᠯᠡᠵᠦ ᠶᠣᠬᠣᠸᠠ ᠮᠢᠨᠦ ᠳᠠᠭᠤ ᠶᠢ ᠰᠣᠨᠣᠰᠣᠨ᠎ᠠ᠃
18 ᠡᠰᠡᠷᠭᠦᠴᠡᠭᠴᠢᠳ ᠮᠢᠨᠢ ᠣᠯᠠᠨ ᠪᠠᠢᠪᠠᠴᠤ ᠠᠮᠢ ᠶᠢ ᠮᠢᠨᠢ ᠲᠡᠷᠡ ᠲᠤᠯᠤᠯᠳᠤᠭᠠᠨ ᠠᠴᠠ ᠠᠮᠤᠷ ᠮᠡᠨᠳᠦ ᠪᠡᠷ ᠠᠪᠤᠷᠠᠨ᠎ᠠ᠃
19 ᠡᠷᠲᠡᠨ ᠡᠴᠡ ᠣᠷᠣᠰᠢᠭᠴᠢ ᠪᠤᠷᠬᠠᠨ ᠰᠣᠨᠣᠰᠣᠭᠠᠳ ᠲᠡᠳᠡᠨ ᠢ ᠳᠠᠷᠤᠤ ᠪᠣᠯᠭᠠᠨ᠎ᠠ᠂ \qs ᠰᠧᠯᠠ\qs* ᠤᠴᠢᠷ ᠨᠢ ᠲᠡᠳᠡ ᠥᠭᠡᠷᠡᠴᠢᠯᠡᠯᠲᠡ ᠦᠭᠡᠢ᠂ ᠪᠤᠷᠬᠠᠨ ᠠᠴᠠ ᠡᠮᠢᠶᠡᠳᠡᠭ ᠦᠭᠡᠢ᠃
20 ᠠᠮᠤᠷᠯᠢᠩ᠋ᠭᠤᠢ ᠪᠠᠢᠭ᠎ᠠ ᠨᠠᠳᠠ ᠤᠷᠤᠭᠤ ᠠᠨᠳᠠ ᠮᠢᠨᠢ ᠭᠡᠷ᠎ᠡ ᠪᠡᠨ ᠵᠥᠷᠢᠴᠡᠵᠦ ᠭᠠᠷ ᠳᠠᠯᠠᠢᠪᠠ᠃
21 ᠠᠮᠠ ᠨᠢ ᠴᠥᠴᠥᠭᠡᠢ ᠶᠢᠨ ᠲᠣᠰᠣᠨ ᠠᠴᠠ ᠴᠤ ᠨᠢᠯᠤᠭᠤᠨ ᠪᠠᠢᠪᠠᠴᠤ ᠵᠢᠷᠦᠬᠡᠨ ᠳᠦᠨᠢ ᠳᠠᠢᠨ ᠪᠠᠢᠪᠠ᠂ ᠦᠭᠡᠰ ᠨᠢ ᠴᠢᠳᠦᠨ ᠲᠣᠰᠣᠨ ᠠᠴᠠ ᠴᠤ ᠵᠥᠭᠡᠯᠡᠨ ᠪᠠᠢᠪᠠᠴᠤ ᠲᠡᠳᠡᠭᠡᠷ ᠨᠢ ᠰᠤᠭᠤᠯᠤᠭᠰᠠᠨ ᠢᠯᠳᠦ ᠪᠠᠢᠪᠠ᠃
22 ᠠᠴᠢᠶ᠎ᠠ ᠪᠠᠨ ᠶᠣᠬᠣᠸᠠ ᠳᠤ ᠥᠭ᠂ ᠲᠡᠷᠡ ᠴᠢᠮᠠᠶᠢ ᠲᠦᠰᠢᠨ᠎ᠡ ᠵᠥᠪᠲᠡᠨ ᠦ ᠭᠠᠩ᠋ᠬᠤᠬᠤ ᠶᠢ ᠲᠡᠷᠡ ᠶᠡᠷᠦ ᠵᠥᠪᠰᠢᠶᠡᠷᠡᠬᠦ ᠦᠭᠡᠢ᠃
23 ᠬᠠᠷᠢᠨ ᠪᠤᠷᠬᠠᠨ ᠲᠠ ᠲᠡᠳᠡᠨ ᠢ ᠰᠦᠢᠷᠡᠯ ᠦᠨ ᠨᠦᠬᠡᠨ ᠳᠦ ᠤᠨᠠᠭᠠᠨ᠎ᠠ ᠴᠢᠰᠤ ᠤᠷᠤᠰᠬᠠᠭᠴᠢᠳ ᠪᠠ ᠮᠡᠬᠡᠯᠡᠭᠴᠢᠳ ᠨᠠᠰᠤᠨ ᠤ ᠪᠠᠨ ᠬᠠᠭᠠᠰ ᠲᠤ ᠴᠤ ᠬᠦᠷᠬᠦ ᠦᠭᠡᠢ᠂ ᠬᠠᠷᠢᠨ ᠪᠢ ᠲᠠᠨ ᠳᠤ ᠢᠲᠡᠭᠡᠨ᠎ᠡ᠃