ᠳᠠᠭᠤᠯᠠᠯ ᠳᠠᠯᠠᠨ ᠨᠢᠭᠡ
ᠥᠲᠡᠭᠦᠰ ᠨᠠᠰᠤᠲᠠᠨ ᠤ ᠭᠤᠶᠤᠯᠲᠠ
1 ᠶᠣᠬᠣᠸᠠ᠂ ᠲᠠᠨ ᠤ ᠳᠣᠲᠣᠷ᠎ᠠ ᠪᠢ ᠬᠣᠷᠭᠣᠳᠠᠭᠰᠠᠨ ᠨᠠᠮᠠᠶᠢ ᠡᠭᠦᠷᠢᠳᠡ ᠶᠢᠨ ᠢᠴᠢᠭᠦᠷᠢ ᠳᠤ ᠪᠦᠦ ᠣᠷᠣᠭᠤᠯᠤᠭᠠᠴᠢ ᠥᠪᠡᠷ ᠦᠨ ᠢᠶᠠᠨ ᠵᠥᠪ ᠢᠶᠡᠷ ᠴᠢᠯᠥᠭᠡᠯᠡᠨ ᠭᠡᠲᠦᠯᠭᠡᠭᠡᠴᠢ᠂
2 ᠨᠠᠳᠠ ᠤᠷᠤᠭᠤ ᠴᠢᠬᠢ ᠪᠠᠨ ᠬᠠᠨᠳᠤᠭᠤᠯᠤᠨ ᠨᠠᠮᠠᠶᠢ ᠠᠪᠤᠷᠠᠭᠠᠴᠢ᠂
3 ᠮᠢᠨᠦ ᠪᠠᠢᠩ᠋ᠭᠤ ᠣᠴᠢᠵᠤ ᠪᠣᠯᠬᠤ᠂ ᠮᠢᠨᠦ ᠣᠷᠣᠰᠢᠨ ᠰᠠᠭᠤᠵᠤ ᠪᠣᠯᠬᠤ ᠬᠠᠳᠠ ᠪᠣᠯᠣᠭᠠᠴᠢ ᠮᠢᠨᠦ ᠬᠠᠳᠠ᠂ ᠮᠢᠨᠦ ᠴᠠᠢᠵᠠ ᠲᠠ 《ᠲᠡᠭᠦᠨ ᠢ ᠠᠪᠤᠷᠠ》 ᠭᠡᠵᠦ ᠲᠤᠰᠢᠶᠠᠭᠰᠠᠨ ᠪᠢᠯᠡ᠃
4 ᠪᠤᠷᠬᠠᠨ ᠮᠢᠨᠢ ᠡ᠂ ᠪᠤᠷᠤᠭᠤᠲᠠᠨ ᠤ ᠭᠠᠷ ᠠᠴᠠ ᠪᠤᠵᠠᠷ ᠢ ᠦᠢᠯᠡᠳᠦᠭᠴᠢ ᠪᠠ ᠪᠠᠯᠠᠮᠠᠳ ᠬᠥᠮᠦᠨ ᠦ ᠠᠯᠠᠭᠠᠨ ᠠᠴᠠ ᠨᠠᠮᠠᠶᠢ ᠴᠢᠯᠥᠭᠡᠯᠡᠭᠡᠴᠢ᠂
5 ᠲᠠ ᠪᠣᠯ ᠮᠢᠨᠦ ᠨᠠᠢᠳᠠᠪᠤᠷᠢ ᠡᠵᠡᠨ ᠶᠣᠬᠣᠸᠠ᠂ ᠲᠠ ᠪᠣᠯ ᠪᠠᠭ᠎ᠠ ᠨᠠᠰᠤᠨ ᠠᠴᠠ ᠮᠢᠨᠢ ᠮᠢᠨᠦ ᠢᠲᠡᠭᠡᠯ ᠶᠤᠮ᠃
6 ᠲᠥᠷᠥᠬᠦ ᠡᠴᠡ ᠪᠡᠨ ᠪᠢ ᠲᠠᠨ ᠢ ᠲᠦᠰᠢᠭᠰᠡᠨ ᠲᠠ ᠨᠠᠮᠠᠶᠢ ᠡᠬᠡ ᠶᠢᠨ ᠮᠢᠨᠢ ᠬᠡᠪᠡᠯᠢ ᠡᠴᠡ ᠰᠠᠯᠭᠠᠵᠤ ᠠᠪᠤᠭᠰᠠᠨ ᠪᠢ ᠲᠠᠨ ᠳᠤ ᠦᠷᠭᠦᠯᠵᠢ ᠮᠠᠭᠲᠠᠭᠠᠯ ᠡᠷᠭᠦᠨ᠎ᠡ᠃
7 ᠣᠯᠠᠨ ᠳᠤ ᠪᠢ ᠬᠠᠴᠢᠨ ᠪᠣᠯᠪᠠ᠂ ᠬᠠᠷᠢᠨ ᠲᠠ ᠯᠠ ᠮᠢᠨᠦ ᠪᠠᠲᠤ ᠬᠣᠷᠭᠣᠳᠠᠬᠤ ᠭᠠᠵᠠᠷ᠃
8 ᠠᠮᠠ ᠮᠢᠨᠢ ᠡᠳᠦᠷᠵᠢᠨ ᠲᠠᠨ ᠤ ᠮᠠᠭᠲᠠᠭᠠᠯ ᠲᠠᠨ ᠤ ᠪᠠᠬᠠᠷᠬᠠᠯ ᠢᠶᠠᠷ ᠳᠦᠭᠦᠷᠡᠩ ᠪᠠᠢᠬᠤ ᠪᠣᠯᠲᠤᠭᠠᠢ᠃
9 ᠬᠥᠭᠰᠢᠷᠡᠬᠦ ᠦᠶ᠎ᠡ ᠳᠦ ᠮᠢᠨᠢ ᠨᠠᠮᠠᠶᠢ ᠪᠦᠦ ᠬᠠᠶᠠᠭᠠᠴᠢ ᠬᠦᠴᠦ ᠪᠠᠷᠠᠭᠳᠠᠬᠤ ᠦᠶ᠎ᠡ ᠳᠦ ᠮᠢᠨᠢ ᠨᠠᠮᠠᠶᠢ ᠪᠦᠦ ᠣᠷᠬᠢᠭᠠᠴᠢ᠃
10 ᠥᠰᠲᠡᠨ ᠨᠦᠭᠦᠳ ᠮᠢᠨᠦ ᠲᠤᠬᠠᠢ ᠶᠠᠷᠢᠯᠴᠠᠵᠤ ᠠᠮᠢ ᠶᠢ ᠮᠢᠨᠢ ᠣᠲᠣᠭᠴᠢᠳ ᠬᠠᠮᠲᠤᠷᠠᠨ ᠬᠤᠤᠪᠢᠯᠳᠤᠵᠤ᠄
11 《ᠪᠤᠷᠬᠠᠨ ᠲᠡᠭᠦᠨ ᠢ ᠣᠷᠬᠢᠭᠰᠠᠨ ᠲᠡᠭᠦᠨ ᠢ ᠬᠥᠭᠡᠭᠡᠵᠦ ᠪᠠᠷᠢ ᠲᠡᠭᠦᠨ ᠢ ᠠᠪᠤᠷᠠᠬᠤ ᠬᠥᠮᠦᠨ ᠪᠠᠢᠬᠤ ᠦᠭᠡᠢ》 ᠭᠡᠯᠴᠡᠨ᠎ᠡ᠃
12 ᠪᠤᠷᠬᠠᠨ᠂ ᠨᠠᠳᠠ ᠠᠴᠠ ᠪᠦᠦ ᠬᠣᠯᠠᠳᠠᠭᠠᠴᠢ ᠪᠤᠷᠬᠠᠨ ᠮᠢᠨᠢ ᠡ᠂ ᠨᠠᠳᠠ ᠳᠤ ᠲᠤᠰᠠᠯᠠᠬᠤ ᠪᠠᠷ ᠬᠤᠷᠳᠤᠯᠠᠭᠠᠴᠢ᠃
13 ᠨᠠᠮᠠᠶᠢ ᠭᠤᠲᠤᠭᠠᠭᠴᠢᠳ ᠢᠴᠢᠵᠦ ᠰᠥᠨᠥᠭ ᠨᠠᠮᠠᠶᠢ ᠬᠣᠣᠷᠯᠠᠬᠤ ᠭᠡᠭᠴᠢᠳ ᠡᠯᠡᠭ ᠳᠣᠭᠣᠭᠢ ᠳᠤ ᠨᠥᠮᠥᠷᠥᠭᠳᠡᠭ᠃
14 ᠬᠠᠷᠢᠨ ᠪᠢ ᠦᠷᠭᠦᠯᠵᠢ ᠨᠠᠢᠳᠠᠯᠭ᠎ᠠ ᠲᠠᠢ ᠪᠠᠢᠵᠤ ᠲᠠᠨ ᠢ ᠤᠯᠠᠮ ᠶᠡᠬᠡ ᠪᠡᠷ ᠮᠠᠭᠲᠠᠨ᠎ᠠ᠃
15 ᠲᠠᠨ ᠤ ᠵᠥᠪ ᠦᠢᠯᠡᠰ᠂ ᠮᠥᠨ ᠲᠠᠨ ᠤ ᠠᠪᠤᠷᠠᠯ ᠢ ᠠᠮᠠ ᠮᠢᠨᠢ ᠡᠳᠦᠷᠵᠢᠨ ᠲᠤᠩ᠋ᠬᠠᠭᠯᠠᠨ᠎ᠠ ᠪᠢ ᠲᠡᠳᠡᠭᠡᠷ ᠢ ᠲᠣᠭᠠᠯᠠᠵᠤ ᠴᠢᠳᠠᠬᠤ ᠦᠭᠡᠢ᠂
16 ᠪᠢ ᠡᠵᠡᠨ ᠶᠣᠬᠣᠸᠠ ᠶᠢᠨ ᠬᠦᠴᠦ ᠪᠡᠷ ᠶᠠᠪᠤᠨ᠎ᠠ ᠪᠢ ᠲᠠᠨ ᠤ ᠵᠥᠪ ᠢ᠂ ᠵᠥᠪᠬᠡᠨ ᠲᠠᠨ ᠤ ᠵᠥᠪ ᠢ ᠥᠭᠦᠯᠡᠨ᠎ᠡ᠃
17 ᠪᠤᠷᠬᠠᠨ ᠲᠠ ᠪᠠᠭ᠎ᠠ ᠠᠴᠠ ᠮᠢᠨᠢ ᠨᠠᠮᠠᠶᠢ ᠰᠤᠷᠭᠠᠭᠰᠠᠨ ᠣᠳᠣ ᠪᠣᠯᠲᠠᠯ᠎ᠠ ᠪᠢ ᠲᠠᠨ ᠤ ᠭᠠᠢᠬᠠᠮᠰᠢᠭᠲᠤ ᠦᠢᠯᠡᠰ ᠢ ᠵᠠᠷᠯᠠᠵᠤ ᠪᠠᠢᠨ᠎ᠠ᠂
18 ᠪᠤᠷᠬᠠᠨ᠂ ᠥᠲᠡᠯᠵᠦ ᠪᠤᠭᠤᠷᠤᠯᠲᠤᠬᠤ ᠦᠶ᠎ᠡ ᠳᠦ ᠮᠢᠨᠢ ᠴᠤ ᠨᠠᠮᠠᠶᠢ ᠪᠦᠦ ᠣᠷᠬᠢᠭᠠᠴᠢ ᠪᠢ ᠦᠶ᠎ᠡ ᠶᠢᠨ ᠬᠢᠨ ᠳᠡᠭᠡᠨ ᠲᠠᠨ ᠤ ᠴᠢᠳᠠᠯ ᠢ ᠢᠷᠡᠬᠦ ᠪᠦᠬᠦᠨ ᠳᠦ ᠲᠠᠨ ᠤ ᠬᠦᠴᠦ ᠶᠢ ᠵᠠᠷᠯᠠᠬᠤ ᠬᠦᠷᠲᠡᠯ᠎ᠡ ᠪᠦᠦ ᠣᠷᠬᠢᠭᠠᠴᠢ᠂
19 ᠠᠤᠭ᠎ᠠ ᠵᠦᠢᠯᠡᠰ ᠢ ᠬᠢᠭᠰᠡᠨ ᠪᠤᠷᠬᠠᠨ ᠲᠠᠨ ᠤ ᠵᠥᠪ ᠦᠢᠯᠡᠰ ᠲᠩᠷᠢ ᠳᠤ ᠲᠤᠯᠤᠭᠰᠠᠨ ᠪᠤᠷᠬᠠᠨ᠂ ᠬᠡᠨ ᠲᠠᠨ ᠲᠠᠢ ᠠᠳᠠᠯᠢ ᠪᠤᠢ︖
20 ᠲᠠ ᠨᠠᠳᠠ ᠳᠤ ᠦᠯᠡᠮᠵᠢ ᠭᠠᠢ ᠵᠣᠪᠠᠯᠠᠩ ᠢ ᠦᠵᠡᠭᠦᠯᠦᠭᠰᠡᠨ ᠲᠠ ᠡᠷᠭᠢᠵᠦ ᠨᠠᠮᠠᠶᠢ ᠰᠡᠷᠭᠦᠭᠡᠨ᠎ᠡ᠂ ᠲᠠ ᠡᠷᠭᠢᠵᠦ ᠨᠠᠮᠠᠶᠢ ᠭᠠᠵᠠᠷ ᠤᠨ ᠭᠦᠨ ᠡᠴᠡ ᠲᠠᠲᠠᠨ ᠭᠠᠷᠭᠠᠵᠤ᠂
21 ᠠᠯᠳᠠᠷ ᠢ ᠮᠢᠨᠢ ᠡᠷᠭᠦᠨ᠎ᠡ᠂ ᠲᠠ ᠡᠷᠭᠢᠵᠦ ᠨᠠᠮᠠᠶᠢ ᠲᠠᠢᠳᠬᠤᠷᠠᠭᠤᠯᠤᠨᠠ᠃
22 ᠪᠤᠷᠬᠠᠨ ᠮᠢᠨᠢ ᠡ᠂ ᠪᠢ ᠲᠠᠨ ᠤ ᠢᠲᠡᠭᠡᠮᠵᠢᠲᠦ ᠪᠠᠢᠳᠠᠯ ᠢ ᠪᠣᠰᠣᠭ᠎ᠠ ᠶᠠᠲᠤᠭ᠎ᠠ ᠪᠠᠷ ᠮᠠᠭᠲᠠᠨ᠎ᠠ᠂ ᠢᠰᠷᠧᠯ ᠤᠨ ᠠᠷᠢᠭᠤᠨ ᠨᠢᠭᠡᠨ᠂ ᠪᠢ ᠲᠠᠨ ᠢ ᠬᠤᠭᠤᠷ ᠢᠶᠠᠷ ᠮᠠᠭᠲᠠᠨ ᠳᠠᠭᠤᠯᠠᠨ᠎ᠠ᠃
23 ᠪᠢ ᠲᠠᠨ ᠳᠤ ᠳᠠᠭᠤᠤ ᠡᠷᠭᠦᠬᠦ ᠳᠦ᠂ ᠣᠷᠣᠭᠤᠯ ᠮᠢᠨᠢ ᠬᠠᠰᠬᠢᠷᠤᠨ ᠲᠠᠨ ᠤ ᠵᠣᠯᠢᠵᠤ ᠠᠪᠤᠭᠰᠠᠨ ᠰᠡᠳᠬᠢᠯ ᠮᠢᠨᠢ ᠪᠠᠶᠠᠷᠯᠠᠨ᠎ᠠ᠃
24 ᠬᠡᠯᠡ ᠮᠢᠨᠢ ᠴᠤ ᠡᠳᠦᠷᠵᠢᠨ ᠲᠠᠨ ᠤ ᠵᠥᠪ ᠦᠢᠯᠡ ᠶᠢ ᠥᠭᠦᠯᠡᠵᠦ 《ᠨᠠᠮᠠᠶᠢ ᠬᠣᠣᠷᠯᠠᠬᠤ ᠭᠡᠭᠴᠢᠳ ᠢᠴᠢᠭᠦᠷᠢ ᠰᠢᠪᠰᠢᠭ ᠪᠣᠯᠣᠭᠰᠠᠨ》 ᠭᠡᠨ᠎ᠡ᠃