ᠳᠠᠭᠤᠯᠠᠯ ᠵᠠᠭᠤ ᠠᠷᠪᠠᠨ ᠨᠢᠭᠡ
ᠪᠤᠷᠬᠠᠨ ᠤ ᠦᠢᠯᠡᠰ ᠢ ᠮᠠᠭᠲᠠᠬᠤ
1 ᠶᠣᠬᠣᠸᠠ ᠶᠢ ᠮᠠᠭᠲᠠᠭᠲᠤᠨ︕ ᠪᠢ ᠴᠢᠭ᠍ᠴᠢ ᠬᠥᠮᠦᠰ ᠦᠨ ᠪᠦᠯᠦᠭ ᠲᠦ ᠮᠥᠨ ᠨᠡᠢᠲᠡ ᠴᠢᠭᠤᠯᠭᠠᠨ ᠳᠤ ᠪᠦᠬᠦᠢᠯᠡ ᠵᠢᠷᠦᠬᠡ ᠪᠡᠷ ᠢᠶᠠᠨ ᠶᠣᠬᠣᠸᠠ ᠳᠤ ᠲᠠᠯᠠᠷᠬᠠᠨ᠎ᠠ᠃
2 ᠶᠣᠬᠣᠸᠠ ᠶᠢᠨ ᠦᠢᠯᠡᠰ ᠠᠭᠤᠤ ᠦᠢᠯᠡᠰ ᠢ ᠨᠢ ᠲᠠᠭᠠᠰᠢᠶᠠᠳᠠᠭ ᠪᠦᠬᠦᠨ ᠲᠡᠳᠡᠭᠡᠷ ᠢ ᠰᠤᠳᠤᠯᠤᠨ᠎ᠠ᠃
3 ᠲᠡᠭᠦᠨ ᠦ ᠠᠵᠢᠯ ᠴᠣᠭ ᠵᠢᠪᠬᠤᠯᠠᠩ ᠲᠠᠢ ᠲᠡᠭᠦᠨ ᠦ ᠵᠥᠪᠲᠦ ᠪᠠᠢᠳᠠᠯ ᠮᠥᠩᠬᠡᠳᠡ ᠦᠯᠡᠳᠡᠨ᠎ᠡ᠂
4 ᠲᠡᠷᠡ ᠥᠪᠡᠷ ᠦᠨ ᠢᠶᠠᠨ ᠭᠠᠢᠬᠠᠮᠰᠢᠭ ᠤᠳ ᠢ ᠵᠢᠷᠦᠬᠡᠨ ᠳᠦ ᠮᠠᠨᠢ ᠬᠠᠳᠠᠭᠠᠯᠠᠭᠤᠯᠤᠭᠰᠠᠨ᠂ ᠶᠣᠬᠣᠸᠠ ᠨᠢᠭᠦᠯᠡᠰᠦᠩᠭᠦᠢ᠂ ᠥᠷᠥᠪᠴᠢ᠃
5 ᠥᠪᠡᠷ ᠡᠴᠡ ᠨᠢ ᠡᠮᠢᠶᠡᠭᠴᠢᠳ ᠲᠤ ᠬᠦᠨᠡᠰᠦ ᠰᠣᠶᠣᠷᠬᠠᠳᠠᠭ ᠥᠪᠡᠷ ᠦᠨ ᠢᠶᠠᠨ ᠭᠡᠷ᠎ᠡ ᠶᠢ ᠮᠥᠩᠬᠡᠳᠡ ᠰᠠᠨᠠᠨ᠎ᠠ᠃
6 ᠲᠡᠷᠡ ᠦᠨᠳᠦᠰᠦᠲᠡᠨ ᠨᠦᠭᠦᠳ ᠦᠨ ᠨᠤᠲᠤᠭ ᠢ ᠠᠷᠠᠳ ᠲᠦᠮᠡᠨ ᠳᠡᠭᠡᠨ ᠰᠣᠶᠣᠷᠬᠠᠨ ᠬᠦᠴᠦᠲᠦ ᠦᠢᠯᠡᠰ ᠢᠶᠡᠨ ᠦᠵᠡᠭᠦᠯᠦᠭᠰᠡᠨ ᠪᠢᠯᠡ᠂
7 ᠮᠤᠲᠤᠷ ᠤᠨ ᠬᠢᠨᠢ ᠦᠢᠯᠡᠰ ᠦᠨᠡᠨ ᠪᠥᠭᠡᠳ ᠰᠢᠳᠤᠷᠭᠤ ᠵᠢᠭᠠᠪᠤᠷᠢ ᠨᠢ ᠢᠲᠡᠭᠡᠮᠵᠢᠲᠠᠢ
8 ᠡᠭᠦᠷᠢᠳᠡ ᠶᠢᠨ ᠡᠭᠦᠷᠢᠳᠡ ᠪᠠᠲᠤ ᠲᠠᠢ ᠦᠨᠡᠨ ᠪᠠ ᠰᠢᠳᠤᠷᠭᠤ ᠪᠠᠷ ᠪᠡᠶᠡᠯᠡᠭᠳᠡᠵᠦ ᠪᠠᠢᠨ᠎ᠠ᠂
9 ᠶᠣᠬᠣᠸᠠ ᠠᠷᠠᠳ ᠲᠦᠮᠡᠨ ᠦ ᠪᠠᠨ ᠲᠥᠯᠥᠭᠡᠰᠦ ᠶᠢ ᠲᠥᠯᠥᠵᠦ ᠡᠭᠦᠷᠢᠳᠡ ᠶᠢᠨ ᠭᠡᠷ᠎ᠡ ᠪᠡᠨ ᠲᠣᠭᠲᠠᠭᠠᠭᠰᠠᠨ᠂ ᠲᠡᠭᠦᠨ ᠦ ᠨᠡᠷ᠎ᠡ ᠠᠷᠢᠭᠤᠨ᠂ ᠡᠮᠢᠶᠡᠭᠦᠰᠢᠲᠡᠢ᠃
10 ᠶᠣᠬᠣᠸᠠ ᠠᠴᠠ ᠡᠮᠢᠶᠡᠬᠦᠢ ᠨᠢ ᠮᠡᠷᠭᠡᠨ ᠤᠬᠠᠭᠠᠨ ᠤ ᠡᠬᠢᠯᠡᠯ᠂ ᠲᠤᠰᠢᠶᠠᠯ ᠤᠳ ᠢ ᠨᠢ ᠦᠢᠯᠡᠳᠦᠭᠴᠢ ᠪᠦᠭᠦᠳᠡ ᠰᠠᠢᠨ᠂ ᠤᠬᠠᠭᠠᠨ ᠲᠠᠢ ᠲᠡᠭᠦᠨ ᠦ ᠮᠠᠭᠲᠠᠭᠠᠯ ᠮᠥᠩᠬᠡᠳᠡ ᠪᠠᠢᠭ᠃