ᠳᠠᠭᠤᠯᠠᠯ ᠳᠥᠴᠢ ᠶᠢᠰᠦ
ᠪᠠᠶᠠᠯᠢᠭ ᠲᠤ ᠨᠠᠢᠳᠠᠬᠤ ᠨᠢ ᠬᠣᠭᠣᠰᠣᠨ
ᠺᠣᠷᠠ ᠶᠢᠨ ᠬᠣᠢᠴᠢᠰ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠰᠣᠨᠣᠰᠴᠠᠭ᠎ᠠ᠂ ᠬᠠᠮᠤᠭ ᠦᠨᠳᠦᠰᠦᠲᠡᠨ ᠡ᠂ ᠴᠢᠬᠢ ᠲᠠᠯᠪᠢ᠂ ᠳᠡᠯᠡᠬᠡᠢ ᠶᠢᠨ ᠪᠦᠬᠦ ᠰᠠᠭᠤᠭᠠᠯᠢᠴᠢᠳ ᠡ᠂
2 ᠶᠡᠬᠡᠰ ᠳᠣᠣᠷᠠᠳᠤᠰ᠂ ᠪᠠᠶᠠᠨ ᠶᠠᠳᠠᠭᠤ ᠪᠦᠭᠦᠳᠡ ᠡ᠂
3 ᠠᠮᠠ ᠮᠢᠨᠢ ᠮᠡᠷᠭᠡᠨ ᠤᠬᠠᠭᠠᠨ ᠢ ᠥᠭᠦᠯᠡᠨ᠎ᠡ ᠵᠢᠷᠦᠬᠡᠨ ᠦ ᠪᠢᠰᠢᠯᠭᠠᠯ ᠮᠢᠨᠢ ᠤᠬᠠᠭᠠᠷᠠᠯ ᠳᠤ ᠬᠦᠷᠭᠡᠨ᠎ᠡ
4 ᠪᠢ ᠵᠦᠢᠷ ᠮᠡᠷᠭᠡᠨ ᠦᠭᠡ ᠤᠷᠤᠭᠤ ᠴᠢᠬᠢ ᠪᠠᠨ ᠬᠠᠨᠳᠤᠭᠤᠯᠤᠨ᠎ᠠ ᠪᠢ ᠪᠢᠲᠡᠭᠦᠦ ᠲᠠᠭᠠᠪᠤᠷᠢ ᠪᠠᠨ ᠪᠣᠰᠣᠭ᠎ᠠ ᠶᠠᠲᠤᠭ᠎ᠠ ᠪᠠᠷ ᠲᠠᠢᠯᠤᠨ᠎ᠠ᠃
5 ᠪᠠᠴᠢᠲᠤ ᠭᠡᠮᠲᠡᠨ ᠨᠠᠮᠠᠶᠢ ᠪᠦᠰᠡᠯᠡᠭᠰᠡᠨ ᠪᠡᠷᠬᠡ ᠡᠳᠦᠷ ᠲᠦ ᠴᠤ ᠪᠢ ᠶᠠᠭᠤᠨ ᠠᠴᠠ ᠠᠶᠤᠬᠤ ᠪᠤᠢ︖
6 ᠲᠡᠳᠡ ᠡᠳ᠋ ᠬᠥᠷᠥᠩᠭᠡ ᠳᠡᠭᠡᠨ ᠢᠲᠡᠭᠡᠵᠦ ᠪᠠᠢᠨ᠎ᠠ ᠦᠯᠡᠮᠵᠢ ᠪᠠᠶᠠᠯᠢᠭ ᠢᠶᠠᠷ ᠢᠶᠠᠨ ᠰᠠᠢᠷᠬᠠᠵᠤ ᠪᠠᠢᠨ᠎ᠠ᠂
7 ᠬᠠᠷᠢᠨ ᠬᠡᠨ ᠴᠤ ᠪᠤᠰᠤᠳ ᠢ ᠵᠣᠯᠢᠵᠤ ᠦᠯᠦ ᠴᠢᠳᠠᠨ᠎ᠠ ᠪᠤᠷᠬᠠᠨ ᠳᠤ ᠦᠨ᠎ᠡ ᠶᠢ ᠨᠢ ᠲᠥᠯᠥᠵᠦ ᠦᠯᠦ ᠴᠢᠳᠠᠨ᠎ᠠ᠂
8 ᠠᠮᠢ ᠶᠢᠨ ᠲᠥᠯᠥᠭᠡᠰᠦ ᠬᠡᠲᠦᠷᠬᠡᠢ ᠦᠨ᠎ᠡ ᠲᠠᠢ ᠪᠣᠯᠬᠣᠷ ᠬᠡᠵᠢᠶ᠎ᠡ ᠴᠤ ᠬᠠᠩ᠋ᠭᠠᠯᠲᠠᠲᠠᠢ ᠥᠭᠭᠥᠨ᠂
9 ᠢᠯᠵᠢᠷᠡᠯ ᠢ ᠦᠵᠡᠭᠦᠯᠦᠯ ᠦᠭᠡᠢ ᠡᠭᠦᠷᠢᠳᠡ ᠠᠮᠢᠳᠤᠷᠠᠭᠤᠯᠵᠤ ᠴᠢᠳᠠᠬᠤ ᠦᠭᠡᠢ᠃
10 ᠮᠡᠷᠭᠡᠨ ᠨᠢ ᠴᠤ ᠦᠬᠦᠬᠦ ᠶᠢ ᠲᠡᠷᠡ ᠬᠠᠷᠠᠨ᠎ᠠ ᠠᠳᠠᠯᠢ ᠪᠠᠷ ᠲᠡᠨᠡᠭ ᠮᠤᠩ᠋ᠬᠠᠭ ᠨᠢ ᠴᠤ ᠮᠥᠬᠥᠵᠦ᠂ ᠡᠳ᠋ ᠬᠥᠷᠥᠩᠭᠡ ᠪᠡᠨ ᠪᠤᠰᠤᠳ ᠲᠤ ᠦᠯᠡᠳᠡᠭᠡᠨ᠎ᠡ᠂
11 ᠲᠡᠳᠡ ᠭᠠᠵᠠᠷ ᠤᠳ ᠢᠶᠠᠨ ᠥᠪᠡᠷᠰᠡᠳ ᠦᠨ ᠢᠶᠠᠨ ᠨᠡᠷ᠎ᠡ ᠪᠡᠷ ᠨᠡᠷᠡᠯᠡᠳᠡᠭ ᠪᠣᠯᠪᠠᠴᠤ ᠲᠡᠳᠡᠨ ᠦ ᠮᠥᠩᠬᠡ ᠶᠢᠨ ᠭᠡᠷ᠂ ᠲᠡᠳᠡᠨ ᠦ ᠦᠶ᠎ᠡ ᠶᠢᠨ ᠦᠶ᠎ᠡ ᠳᠦ ᠣᠷᠣᠰᠢᠬᠤ ᠪᠠᠢᠷᠢ ᠪᠣᠯ ᠪᠤᠯᠠᠰᠢ ᠶᠤᠮ᠂
12 ᠨᠡᠷ᠎ᠡ ᠲᠥᠷᠥ ᠲᠠᠢ ᠬᠥᠮᠦᠨ ᠴᠤ ᠦᠯᠡᠳᠡᠬᠦ ᠦᠭᠡᠢ ᠮᠥᠬᠥᠬᠦ ᠠᠳᠤᠭᠤᠰᠤ ᠲᠠᠢ ᠠᠳᠠᠯᠢ ᠶᠤᠮ᠃
13 ᠲᠡᠨᠡᠭᠯᠡᠭᠴᠢ ᠶᠢᠨ ᠵᠠᠮ ᠲᠡᠳᠡᠨ ᠦ ᠶᠠᠷᠢᠶ᠎ᠠ ᠶᠢ ᠲᠠᠭᠠᠰᠢᠶᠠᠭᠴᠢ ᠶᠢᠨ ᠲᠡᠭᠦᠰᠬᠡᠯ ᠡᠨᠡ ᠶᠤᠮ᠃
ᠰᠧᠯᠠ
14 ᠲᠡᠳᠡ ᠦᠬᠦᠭᠰᠡᠳ ᠦᠨ ᠣᠷᠣᠨ ᠤᠷᠤᠭᠤ ᠣᠷᠣᠬᠤ ᠪᠠᠷ ᠲᠣᠭᠲᠠᠭᠠᠭᠳᠠᠭᠰᠠᠨ ᠬᠣᠨᠢ ᠰᠢᠭ᠋ ᠦᠬᠦᠯ ᠲᠡᠳᠡᠨ ᠦ ᠬᠣᠨᠢᠴᠢᠨ ᠪᠣᠯᠣᠨ᠎ᠠ᠂ ᠬᠡᠯᠪᠡᠷᠢ ᠳᠦᠷᠰᠦ ᠨᠢ ᠠᠷᠢᠯᠵᠤ ᠦᠬᠦᠭᠰᠡᠳ ᠦᠨ ᠣᠷᠣᠨ ᠳᠤ ᠰᠠᠭᠤᠬᠤ ᠳᠤᠨᠢ ᠦᠷ ᠴᠠᠢᠵᠤ ᠵᠥᠪᠲᠡᠳ ᠲᠡᠳᠡᠨ ᠦ ᠳᠡᠭᠡᠷ᠎ᠡ ᠵᠠᠬᠢᠷᠤᠨ᠎ᠠ᠃
15 ᠬᠠᠷᠢᠨ ᠪᠤᠷᠬᠠᠨ ᠠᠮᠢ ᠶᠢ ᠮᠢᠨᠢ ᠦᠬᠦᠭᠰᠡᠳ ᠦᠨ ᠣᠷᠣᠨ ᠤ ᠭᠠᠷ ᠠᠴᠠ ᠵᠣᠯᠢᠵᠤ ᠨᠠᠮᠠᠶᠢ ᠬᠦᠯᠢᠶᠡᠨ ᠠᠪᠤᠨ᠎ᠠ᠃
ᠰᠧᠯᠠ
16 ᠬᠥᠮᠦᠨ ᠪᠠᠶᠠᠵᠢᠵᠤ᠂ ᠭᠡᠷ ᠣᠷᠣᠨ ᠳᠤᠨᠢ ᠠᠯᠳᠠᠷ ᠬᠦᠨᠳᠦ ᠨᠡᠮᠡᠭᠳᠡᠬᠦ ᠳᠦ ᠴᠢ ᠪᠦᠦ ᠰᠦᠷᠳᠡ᠃
17 ᠲᠡᠷᠡ ᠦᠬᠦᠬᠦ ᠳᠡᠭᠡᠨ ᠶᠠᠭᠤ ᠴᠤ ᠠᠪᠠᠴᠢᠬᠤ ᠦᠭᠡᠢ ᠲᠡᠭᠦᠨ ᠦ ᠠᠯᠳᠠᠷ ᠬᠦᠨᠳᠦ ᠠᠷᠤ ᠠᠴᠠ ᠨᠢ ᠪᠠᠭᠤᠬᠤ ᠦᠭᠡᠢ᠂
18 ᠰᠠᠢᠨ ᠢ ᠬᠢᠪᠡᠯ ᠮᠠᠭᠲᠠᠭᠠᠯ ᠠᠪᠳᠠᠭ ᠤᠴᠢᠷ ᠠᠴᠠ ᠠᠮᠢᠳᠤ ᠪᠠᠢᠬᠤ ᠳᠠᠭᠠᠨ ᠥᠪᠡᠷ ᠢ ᠪᠠᠨ ᠠᠵᠠ ᠲᠠᠢ ᠳᠤ ᠲᠣᠭᠠᠴᠠᠳᠠᠭ ᠴᠤ
19 ᠲᠡᠷᠡ ᠡᠴᠢᠭᠡ ᠡᠪᠦᠭᠡᠳ ᠦᠨ ᠢᠶᠠᠨ ᠦᠶ᠎ᠡ ᠶᠢᠨ ᠬᠢᠨ ᠤᠷᠤᠭᠤ ᠣᠴᠢᠬᠤ ᠪᠣᠯᠣᠨ᠎ᠠ ᠲᠡᠨᠳᠡ ᠲᠡᠳᠡ ᠬᠡᠵᠢᠶ᠎ᠡ ᠴᠤ ᠭᠡᠷᠡᠯ ᠢ ᠬᠠᠷᠠᠬᠤ ᠦᠭᠡᠢ᠃
20 ᠠᠯᠳᠠᠷ ᠬᠦᠨᠳᠦ ᠲᠠᠢ ᠬᠥᠮᠦᠨ ᠴᠤ ᠦᠯᠦ ᠤᠬᠠᠭᠠᠷᠠᠪᠠᠯ ᠮᠥᠬᠥᠬᠦ ᠠᠳᠤᠭᠤᠰᠤ ᠲᠠᠢ ᠠᠳᠠᠯᠢ ᠶᠤᠮ᠃