ᠳᠠᠭᠤᠯᠠᠯ ᠭᠤᠴᠢᠨ ᠳᠣᠯᠣᠭ᠎ᠠ
ᠠᠶᠤᠯᠭᠦᠢ ᠵᠥᠪᠲᠡᠨ᠂ ᠠᠶᠤᠯᠳᠦ ᠪᠤᠷᠤᠭᠤᠲᠠᠨ
ᠳ᠋ᠠᠸᠢᠳ᠋ ᠤᠨ ᠳᠠᠭᠤᠯᠠᠯ᠃
1 ᠮᠠᠭᠤ ᠶᠢ ᠦᠢᠯᠡᠳᠦᠭᠴᠢ ᠡᠴᠡ ᠪᠣᠯᠵᠤ ᠪᠦᠦ ᠴᠢᠬᠤᠯᠳᠠ ᠵᠥᠪ ᠪᠤᠰᠤ ᠶᠢ ᠦᠢᠯᠡᠳᠦᠭᠴᠢᠳ ᠲᠠᠢ ᠪᠦᠦ ᠠᠲᠠᠭᠠᠷᠬ᠎ᠠ᠃
2 ᠲᠡᠳᠡ ᠡᠪᠡᠰᠦ ᠰᠢᠭ ᠬᠤᠷᠳᠤᠨ ᠬᠣᠷᠪᠣᠢᠵᠤ ᠨᠣᠭᠣᠭᠠᠨ ᠤᠷᠭᠤᠮᠠᠯ ᠰᠢᠭ᠋ ᠬᠠᠭᠳᠠᠷᠠᠬᠤ ᠪᠣᠯᠣᠨ᠎ᠠ᠃
3 ᠶᠣᠬᠣᠸᠠ ᠳᠤ ᠢᠲᠡᠭᠡᠵᠦ᠂ ᠰᠠᠢᠨ ᠢ ᠦᠢᠯᠡᠳ ᠨᠤᠲᠤᠭ ᠲᠠᠭᠠᠨ ᠰᠠᠭᠤᠭᠰᠠᠭᠠᠷ᠂ ᠢᠲᠡᠭᠡᠮᠵᠢᠲᠠᠢ ᠪᠠᠷ ᠠᠮᠢᠳᠤᠷᠠ᠃
4 ᠶᠣᠬᠣᠸᠠ ᠶᠢᠨ ᠳᠣᠲᠣᠷ᠎ᠠ ᠵᠢᠷᠭᠠᠯ ᠲᠠᠢ ᠪᠠᠢ᠂ ᠵᠢᠷᠦᠬᠡᠨ ᠦ ᠴᠢᠨᠢ ᠬᠦᠰᠡᠯ ᠢ ᠲᠡᠷᠡ ᠰᠣᠶᠣᠷᠬᠠᠨ᠎ᠠ᠃
5 ᠶᠣᠬᠣᠸᠠ ᠳᠤ ᠵᠠᠮ ᠢᠶᠠᠨ ᠳᠠᠭᠠᠳᠬ᠎ᠠ ᠲᠡᠭᠦᠨ ᠳᠦ ᠨᠠᠢᠳᠠᠪᠠᠯ ᠲᠡᠷᠡ ᠪᠡᠶᠡᠯᠡᠭᠦᠯᠦᠨ᠎ᠡ᠂
6 ᠵᠥᠪ ᠢ ᠴᠢᠨᠢ ᠭᠡᠷᠡᠯ ᠮᠡᠲᠦ ᠰᠢᠳᠤᠷᠭᠤ ᠶᠢ ᠴᠢᠨᠢ ᠦᠳᠡ ᠳᠤᠮᠳᠠ ᠮᠡᠲᠦ ᠢᠯᠡ ᠪᠣᠯᠭᠠᠨ᠎ᠠ᠃
7 ᠶᠣᠬᠣᠸᠠ ᠶᠢᠨ ᠡᠮᠦᠨ᠎ᠡ ᠳᠠᠭᠤ ᠦᠭᠡᠢ ᠪᠠᠢᠵᠤ ᠲᠡᠭᠦᠨ ᠢ ᠲᠡᠪᠴᠢᠶᠡᠷᠢ ᠲᠠᠢ ᠬᠦᠯᠢᠶᠡ ᠥᠪᠡᠷ ᠦᠨ ᠢᠶᠠᠨ ᠠᠷᠭ᠎ᠠ ᠪᠠᠷ ᠠᠮᠵᠢᠯᠲᠠ ᠣᠯᠣᠭᠴᠢ ᠡᠴᠡ᠂ ᠥᠪᠡᠷ ᠦᠨ ᠢᠶᠠᠨ ᠵᠠᠯᠢ ᠶᠢ ᠪᠡᠶᠡᠯᠡᠭᠦᠯᠳᠡᠭ ᠬᠥᠮᠦᠨ ᠡᠴᠡ ᠪᠣᠯᠵᠤ ᠪᠦᠦ ᠴᠢᠬᠤᠯᠳᠠ᠃
8 ᠠᠭᠤᠷ ᠢᠶᠠᠨ ᠣᠷᠬᠢᠵᠤ᠂ ᠬᠢᠯᠢᠩ ᠢᠶᠠᠨ ᠬᠠᠶᠠ᠂ ᠪᠦᠦ ᠴᠢᠬᠤᠯᠳᠠ᠂ ᠭᠠᠭᠴᠠ ᠮᠠᠭᠤ ᠳᠤ ᠴᠢᠭᠯᠡᠬᠦ ᠪᠣᠯᠣᠭᠤᠵᠠᠢ᠃
9 ᠮᠠᠭᠤ ᠶᠢ ᠦᠢᠯᠡᠳᠦᠭᠴᠢᠳ ᠲᠠᠰᠤᠯᠤᠭᠳᠠᠵᠤ ᠶᠣᠬᠣᠸᠠ ᠳᠤ ᠨᠠᠢᠳᠠᠭᠴᠢᠳ ᠭᠠᠵᠠᠷ ᠢ ᠥᠪᠯᠡᠬᠦ ᠪᠣᠯᠣᠨ᠎ᠠ᠃
10 ᠪᠤᠷᠤᠭᠤᠲᠠᠨ ᠬᠠᠷᠢᠨ ᠤᠳᠠᠯ ᠦᠭᠡᠢ ᠠᠯᠠᠭ᠎ᠠ ᠪᠣᠯᠣᠨ᠎ᠠ᠂ ᠪᠠᠢᠭᠰᠠᠨ ᠭᠠᠵᠠᠷ ᠢ ᠨᠢ ᠠᠩ᠋ᠬᠠᠷᠤᠯ ᠲᠠᠢ ᠬᠠᠢᠪᠠᠴᠤ ᠲᠡᠷᠡ ᠲᠡᠨᠳᠡ ᠪᠡᠨ ᠪᠠᠢᠬᠤ ᠦᠭᠡᠢ᠃
11 ᠭᠡᠪᠡᠴᠦ ᠳᠠᠷᠤᠤ ᠨᠢ ᠭᠠᠵᠠᠷ ᠢ ᠥᠪᠯᠡᠵᠦ ᠦᠯᠡᠮᠵᠢ ᠠᠮᠤᠭᠤᠯᠠᠩ ᠳᠤ ᠪᠠᠶᠠᠰᠤᠨ᠎ᠠ᠃
12 ᠪᠤᠷᠤᠭᠤᠲᠠᠨ ᠨᠢ ᠵᠥᠪᠲᠡᠨ ᠦ ᠡᠰᠡᠷᠭᠦ ᠬᠤᠤᠪᠢᠯᠳᠤᠵᠤ ᠲᠡᠭᠦᠨ ᠤᠷᠤᠭᠤ ᠰᠢᠳᠦ ᠪᠡᠨ ᠬᠠᠪᠢᠷᠤᠭᠰᠠᠨ ᠴᠤ
13 ᠰᠢᠭᠦᠬᠦ ᠡᠳᠦᠷ ᠦᠨ ᠢᠶᠠᠨ ᠢᠷᠡᠵᠦ ᠪᠤᠢ ᠶᠢ ᠬᠠᠷᠠᠳᠠᠭ ᠡᠵᠡᠨ ᠲᠡᠭᠦᠨ ᠢ ᠲᠣᠬᠣᠭᠠᠷᠬᠠᠨ ᠢᠨᠢᠶᠡᠨ᠎ᠡ᠃
14 ᠪᠤᠷᠤᠭᠤᠲᠠᠳ ᠢᠯᠳᠦ ᠪᠡᠨ ᠰᠤᠭᠤᠯᠵᠤ᠂ ᠨᠤᠮᠤ ᠪᠠᠨ ᠬᠥᠪᠴᠢᠯᠡᠪᠡ᠂ ᠲᠡᠳᠡ ᠦᠭᠡᠭᠦᠦ ᠶᠠᠳᠠᠭᠤ ᠶᠢ ᠤᠨᠠᠭᠠᠵᠤ ᠴᠢᠭ᠍ᠴᠢ ᠪᠠᠷ ᠵᠠᠮᠨᠠᠭᠴᠢᠳ ᠢ ᠤᠰᠠᠳᠬᠠᠬᠤ ᠭᠡᠰᠡᠨ ᠴᠤ
15 ᠢᠯᠳᠦ ᠨᠢ ᠥᠪᠡᠷᠰᠡᠳ ᠦᠨ ᠬᠢᠨᠢ ᠵᠢᠷᠦᠬᠡᠨ ᠳᠦ ᠵᠣᠭᠣᠭᠳᠠᠵᠤ ᠨᠤᠮᠤ ᠨᠤᠭᠤᠳ ᠨᠢ ᠬᠤᠭᠤᠷᠠᠬᠤ ᠪᠣᠯᠣᠨ᠎ᠠ᠃
16 ᠣᠯᠠᠨ ᠪᠤᠷᠤᠭᠤᠲᠠᠨ ᠤ ᠦᠯᠡᠮᠵᠢ ᠡᠴᠡ ᠨᠢᠭᠡ ᠵᠥᠪᠲᠡᠨ ᠦ ᠥᠴᠦᠬᠡᠨ ᠨᠢ ᠳᠡᠭᠡᠷ᠎ᠡ᠃
17 ᠤᠴᠢᠷ ᠨᠢ ᠪᠤᠷᠤᠭᠤᠲᠠᠨ ᠤ ᠭᠠᠷ ᠬᠤᠭᠤᠯᠤᠭᠳᠠᠬᠤ ᠪᠣᠯᠪᠠᠴᠤ ᠵᠥᠪᠲᠡᠨ ᠦ ᠬᠢ ᠶᠢ ᠶᠣᠬᠣᠸᠠ ᠲᠦᠰᠢᠨ᠎ᠡ᠃
18 ᠶᠣᠬᠣᠸᠠ ᠪᠤᠷᠤᠭᠤ ᠦᠭᠡᠢ ᠬᠥᠮᠦᠰ ᠦᠨ ᠡᠳᠦᠷ ᠤᠳ ᠢ ᠣᠢᠯᠠᠭᠠᠵᠤ ᠪᠠᠢᠳᠠᠭ ᠲᠡᠳᠡᠨ ᠦ ᠥᠪ ᠮᠥᠩᠬᠡᠳᠡ ᠪᠠᠢᠬᠤ ᠪᠣᠯᠣᠨ᠎ᠠ᠃
19 ᠲᠡᠳᠡ ᠭᠠᠮᠰᠢᠭ ᠤᠨ ᠦᠶ᠎ᠡ ᠳᠦ ᠭᠤᠲᠤᠮᠰᠢᠭ ᠪᠣᠯᠬᠤ ᠦᠭᠡᠢ ᠥᠯᠥᠰᠬᠥᠯᠡᠩ ᠦᠨ ᠡᠳᠦᠷ ᠤᠳ ᠲᠤ ᠴᠤ ᠬᠠᠨᠤᠬᠤ ᠪᠣᠯᠣᠨ᠎ᠠ᠃
20 ᠬᠠᠷᠢᠨ ᠪᠤᠷᠤᠭᠤᠲᠠᠳ ᠮᠥᠬᠥᠨ᠎ᠡ ᠶᠣᠬᠣᠸᠠ ᠶᠢᠨ ᠳᠠᠢᠰᠤᠨ ᠨᠤᠭᠤᠳ ᠬᠡᠭᠡᠷ᠎ᠡ ᠶᠢᠨ ᠴᠡᠴᠡᠭ ᠤᠳ ᠮᠡᠲᠦ᠂ ᠤᠰᠠᠲᠤᠨ᠎ᠠ᠂ ᠤᠲᠤᠭ᠎ᠠ ᠮᠡᠲᠦ ᠤᠰᠠᠲᠤᠨ᠎ᠠ᠃
21 ᠪᠤᠷᠤᠭᠤᠲᠠᠨ ᠵᠢᠭᠡᠯᠡᠪᠡᠯ ᠪᠤᠴᠠᠭᠠᠳᠠᠭ ᠦᠭᠡᠢ ᠪᠣᠯ᠂ ᠵᠥᠪᠲᠡᠨ ᠡᠨᠡᠷᠢᠨ᠂ ᠥᠭᠴᠦ ᠪᠠᠢᠳᠠᠭ᠃
22 ᠶᠣᠬᠣᠸᠠ ᠳᠤ ᠢᠷᠥᠭᠡᠭᠳᠡᠭᠰᠡᠨ ᠨᠢ ᠭᠠᠵᠠᠷ ᠢ ᠥᠪᠯᠡᠵᠦ ᠲᠡᠭᠦᠨ ᠳᠦ ᠬᠠᠷᠢᠶᠠᠭᠳᠠᠭᠰᠠᠨ ᠨᠢ ᠲᠠᠰᠤᠯᠤᠭᠳᠠᠨ᠎ᠠ᠃
23 ᠶᠣᠬᠣᠸᠠ ᠵᠥᠪᠲᠡᠨ ᠦ ᠠᠯᠬᠤᠮ ᠢ ᠲᠣᠭᠲᠠᠭᠠᠵᠤ ᠵᠠᠮ ᠢ ᠨᠢ ᠲᠠᠭᠠᠯᠠᠳᠠᠭ᠂
24 ᠲᠡᠭᠦᠨ ᠢ ᠥᠪᠡᠷ ᠦᠨ ᠢᠶᠠᠨ ᠮᠤᠲᠤᠷ ᠢᠶᠠᠷ ᠲᠦᠰᠢᠵᠦ ᠪᠠᠢᠭ᠎ᠠ ᠲᠤᠯᠠ ᠲᠡᠷᠡ ᠪᠡᠷ ᠪᠦᠳᠦᠷᠢᠪᠡᠴᠦ ᠤᠨᠠᠬᠤ ᠦᠭᠡᠢ᠃
25 ᠪᠢ ᠵᠠᠯᠠᠭᠤ ᠠᠴᠠ ᠪᠠᠨ ᠥᠲᠡᠯᠲᠡᠯ᠎ᠡ ᠪᠡᠨ ᠵᠥᠪᠲᠡᠨ ᠦ ᠣᠷᠬᠢᠭᠳᠠᠬᠤ ᠶᠢ ᠦᠷ᠎ᠡ ᠤᠳᠤᠮ ᠨᠢ ᠬᠣᠭᠣᠯᠠ ᠭᠤᠶᠤᠵᠤ ᠪᠠᠢᠬᠤ ᠶᠢ ᠦᠵᠡᠭᠡ ᠦᠭᠡᠢ᠃
26 ᠡᠳᠦᠷᠵᠢᠨ ᠲᠡᠷᠡ ᠥᠷᠥᠰᠢᠶᠡᠨ ᠵᠢᠭᠡᠯᠡᠭᠦᠯᠳᠡᠭ ᠦᠷ᠎ᠡ ᠤᠳᠤᠮ ᠨᠢ ᠴᠤ ᠪᠤᠶᠠᠨ ᠲᠠᠢ᠃
27 ᠮᠠᠭᠤ ᠠᠴᠠ ᠡᠷᠭᠢᠵᠦ᠂ ᠰᠠᠢᠨ ᠢ ᠦᠢᠯᠡᠳ ᠴᠢ ᠮᠥᠩᠬᠡᠳᠡ ᠣᠷᠣᠰᠢᠬᠤ ᠪᠣᠯᠣᠨ᠎ᠠ᠃
28 ᠤᠴᠢᠷ ᠨᠢ ᠶᠣᠬᠣᠸᠠ ᠰᠢᠳᠤᠷᠭᠤ ᠶᠢ ᠬᠠᠢᠷᠠᠯᠠᠳᠠᠭ᠂ ᠦᠨᠡᠨᠴᠢ ᠬᠥᠮᠦᠰ ᠢᠶᠡᠨ ᠣᠷᠭᠢᠯ ᠦᠭᠡᠢ ᠮᠥᠩᠬᠡᠳᠡ ᠬᠠᠮᠠᠭᠠᠯᠠᠳᠠᠭ ᠶᠤᠮ᠂ ᠪᠤᠷᠤᠭᠤᠲᠠᠳ ᠤᠨ ᠦᠷ᠎ᠡ ᠤᠳᠤᠮ ᠲᠠᠰᠤᠯᠤᠭᠳᠠᠳᠠᠭ ᠪᠣᠯ᠂
29 ᠵᠥᠪᠲᠡᠨ ᠭᠠᠵᠠᠷ ᠢ ᠥᠪᠯᠡᠵᠦ ᠲᠡᠨᠳᠡ ᠪᠡᠨ ᠮᠥᠩᠬᠡᠳᠡ ᠰᠠᠭᠤᠬᠤ ᠪᠣᠯᠣᠨ᠎ᠠ᠃
30 ᠵᠥᠪᠲᠡᠨ ᠦ ᠠᠮᠠ ᠮᠡᠷᠭᠡᠨ ᠢ ᠥᠭᠦᠯᠡᠵᠦ ᠬᠡᠯᠡ ᠨᠢ ᠭᠣᠣᠯᠴᠢ ᠶᠢ ᠶᠠᠷᠢᠳᠠᠭ᠂
31 ᠵᠢᠷᠦᠬᠡᠨ ᠳᠡᠭᠡᠨ ᠪᠤᠷᠬᠠᠨ ᠤ ᠪᠠᠨ ᠬᠠᠤᠯᠢ ᠲᠠᠢ᠂ ᠬᠥᠯ ᠨᠢ ᠬᠠᠯᠲᠤᠷᠢᠬᠤ ᠦᠭᠡᠢ᠃
32 ᠵᠥᠪᠲᠡᠨ ᠢ ᠪᠤᠷᠤᠭᠤᠲᠠᠨ ᠠᠨᠠᠵᠤ ᠠᠯᠠᠬᠤ ᠪᠠᠷ ᠬᠠᠢᠳᠠᠭ ᠪᠣᠯᠪᠠᠴᠤ
33 ᠶᠣᠬᠣᠸᠠ ᠲᠡᠭᠦᠨ ᠢ ᠪᠤᠷᠤᠭᠤᠲᠠᠨ ᠤ ᠭᠠᠷ ᠲᠤ ᠣᠷᠬᠢᠬᠤ ᠦᠭᠡᠢ ᠰᠢᠭᠦᠭᠳᠡᠬᠦ ᠳᠦᠨᠢ ᠲᠡᠭᠦᠨ ᠢ ᠪᠤᠷᠤᠭᠤᠳᠬᠠᠬᠤ ᠦᠭᠡᠢ᠃
34 ᠶᠣᠬᠣᠸᠠ ᠶᠢ ᠬᠦᠯᠢᠶᠡ᠂ ᠵᠠᠮ ᠢ ᠨᠢ ᠳᠠᠭ᠎ᠠ ᠲᠡᠷᠡ ᠴᠢᠮᠠᠶᠢ ᠡᠷᠭᠦᠮᠵᠢᠯᠡᠵᠦ᠂ ᠭᠠᠵᠠᠷ ᠢ ᠥᠪᠯᠡᠭᠦᠯᠦᠨ᠎ᠡ ᠪᠤᠷᠤᠭᠤᠲᠠᠳ ᠲᠠᠰᠤᠯᠤᠭᠳᠠᠬᠤ ᠳᠤ᠂ ᠴᠢ ᠦᠵᠡᠬᠦ ᠪᠣᠯᠣᠨ᠎ᠠ᠃
35 ᠬᠠᠷᠭᠢᠰ ᠪᠤᠷᠤᠭᠤᠲᠠᠨ ᠰᠠᠭᠯᠠᠭᠠᠷ ᠮᠣᠳᠣ ᠮᠡᠲᠦ ᠰᠠᠭᠰᠠᠢᠬᠤ ᠶᠢ ᠪᠢ ᠬᠠᠷᠠᠭᠰᠠᠨ᠂
36 ᠲᠡᠭᠡᠭᠰᠡᠨ ᠢᠶᠡᠨ ᠲᠡᠷᠡ ᠥᠩᠭᠡᠷᠡᠭᠰᠡᠨ ᠬᠠᠷ᠎ᠠ᠂ ᠲᠡᠷᠡ ᠠᠯᠠᠭ᠎ᠠ ᠪᠣᠯᠣᠭᠰᠠᠨ ᠪᠢ ᠬᠠᠢᠭᠰᠠᠨ ᠪᠣᠯᠪᠠᠴᠤ ᠲᠡᠷᠡ ᠣᠯᠳᠠᠭ᠎ᠠ ᠦᠭᠡᠢ᠃
37 ᠪᠤᠷᠤᠭᠤ ᠦᠭᠡᠢ ᠬᠥᠮᠦᠨ ᠢ ᠠᠩ᠋ᠬᠠᠷ᠂ ᠴᠢᠭ᠍ᠴᠢ ᠬᠥᠮᠦᠨ ᠢ ᠬᠠᠷ᠎ᠠ ᠠᠮᠤᠭᠤᠯᠠᠩ ᠬᠥᠮᠦᠨ ᠢᠷᠡᠭᠡᠳᠦᠢ ᠲᠡᠢ᠃
38 ᠬᠠᠷᠢᠨ ᠨᠢᠭᠦᠯᠲᠡᠳ ᠴᠥᠮ ᠢᠶᠡᠷ ᠢᠶᠠᠨ ᠤᠰᠠᠳᠬᠠᠭᠳᠠᠨ᠎ᠠ ᠪᠤᠷᠤᠭᠤᠲᠠᠳ ᠤᠨ ᠢᠷᠡᠭᠡᠳᠦᠢ ᠲᠠᠰᠤᠯᠤᠭᠳᠠᠨ᠎ᠠ᠃
39 ᠵᠥᠪᠲᠡᠳ ᠦᠨ ᠠᠪᠤᠷᠠᠯ ᠶᠣᠬᠣᠸᠠ ᠠᠴᠠ ᠵᠣᠪᠠᠯᠠᠩᠲᠤ ᠴᠠᠭ ᠤᠨ ᠪᠡᠬᠢᠯᠡᠯᠲᠡ ᠨᠢ ᠲᠡᠷᠡ᠃
40 ᠶᠣᠬᠣᠸᠠ ᠲᠤᠰᠠᠯᠠᠵᠤ᠂ ᠲᠡᠳᠡᠨ ᠢ ᠴᠢᠯᠥᠭᠡᠯᠡᠨ᠎ᠡ ᠥᠪᠡᠷ ᠦᠨ ᠬᠢᠨᠢ ᠳᠣᠲᠣᠷ᠎ᠠ ᠬᠣᠷᠭᠣᠳᠠᠳᠠᠭ ᠲᠤᠯᠠ ᠲᠡᠳᠡᠨ ᠢ ᠪᠤᠷᠤᠭᠤᠲᠠᠳ ᠠᠴᠠ ᠴᠢᠯᠥᠭᠡᠯᠡᠵᠦ᠂ ᠠᠪᠤᠷᠠᠨ᠎ᠠ᠃