1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠶᠡᠷᠡᠨ ᠳᠣᠯᠣᠭ᠎ᠠ
 ᠪᠤᠷᠬᠠᠨ ᠤ ᠬᠠᠭᠠᠨᠴᠢᠯᠠᠯ ᠳᠤ ᠪᠠᠶᠠᠷᠯᠠ
1 ᠶᠣᠬᠣᠸᠠ ᠵᠠᠬᠢᠷᠳᠠᠭ᠂ ᠭᠠᠵᠠᠷ ᠪᠠᠶᠠᠰᠤᠭᠲᠤᠨ ᠣᠯᠠᠨ ᠠᠷᠠᠯ ᠴᠤ ᠪᠠᠶᠠᠷᠯᠠᠭᠲᠤᠨ᠃
2 ᠡᠭᠦᠯᠡᠰ ᠪᠠ ᠲᠦᠨᠡᠷ ᠬᠠᠷᠠᠩ᠋ᠭᠤᠢ ᠲᠡᠭᠦᠨ ᠢ ᠬᠦᠷᠢᠶᠡᠯᠡᠪᠡ ᠵᠥᠪ ᠰᠢᠳᠤᠷᠭᠤ ᠨᠢ ᠲᠡᠭᠦᠨ ᠦ ᠰᠡᠨᠲᠢ ᠶᠢᠨ ᠰᠠᠭᠤᠷᠢ ᠶᠤᠮ᠃
3 ᠲᠡᠭᠦᠨ ᠦ ᠡᠮᠦᠨ᠎ᠡ ᠡᠴᠡ ᠭᠠᠯ ᠭᠠᠷᠴᠤ ᠡᠷᠭᠢᠨ ᠲᠣᠭᠣᠷᠢᠨ ᠤ ᠥᠰᠲᠡᠨ ᠨᠦᠭᠦᠳ ᠢ ᠰᠢᠲᠠᠭᠠᠨ᠎ᠠ᠂
4 ᠲᠡᠭᠦᠨ ᠦ ᠭᠢᠯᠪᠡᠭᠡᠨ ᠶᠢᠷᠲᠢᠨᠴᠦ ᠶᠢ ᠭᠡᠷᠡᠯᠲᠦᠭᠦᠯᠪᠡ ᠳᠡᠯᠡᠬᠡᠢ ᠡᠭᠦᠨ ᠢ ᠬᠠᠷᠠᠭᠠᠳ᠂ ᠴᠡᠴᠡᠷᠡᠵᠦ
5 ᠠᠭᠤᠯᠠᠰ ᠶᠣᠬᠣᠸᠠ ᠶᠢᠨ ᠡᠮᠦᠨ᠎ᠡ ᠪᠦᠬᠦ ᠳᠡᠯᠡᠬᠡᠢ ᠶᠢᠨ ᠡᠵᠡᠨ ᠦ ᠡᠮᠦᠨ᠎ᠡ ᠯᠠ ᠶᠢᠨ ᠲᠣᠰᠣ ᠰᠢᠭ᠋ ᠬᠠᠢᠯᠪᠠ᠃
6 ᠲᠡᠷᠡ ᠵᠥᠪ ᠭᠡᠳᠡᠭ ᠢ ᠲᠩᠷᠢ ᠢᠯᠡᠷᠬᠡᠶᠢᠯᠡᠪᠡ ᠪᠦᠬᠦ ᠦᠨᠳᠦᠰᠦᠲᠡᠨ ᠲᠡᠭᠦᠨ ᠦ ᠴᠣᠭ ᠵᠢᠪᠬᠤᠯᠠᠩ ᠢ ᠬᠠᠷᠠᠪᠠ᠃

7 ᠬᠥᠷᠥᠭ ᠤᠳ ᠲᠤ ᠮᠥᠷᠭᠥᠨ ᠬᠣᠭᠣᠰᠣᠨ ᠰᠢᠲᠦᠭᠡᠨ ᠨᠦᠭᠦᠳ ᠢᠶᠡᠷ ᠪᠠᠬᠠᠷᠬᠠᠳᠠᠭ ᠪᠦᠭᠦᠳᠡ ᠢᠴᠢᠭ᠂ ᠪᠦᠬᠦ ᠪᠤᠷᠬᠠᠳ ᠡ᠂ ᠶᠣᠬᠣᠸᠠ ᠶᠢᠨ ᠡᠮᠦᠨ᠎ᠡ ᠰᠥᠬᠥᠷᠡᠵᠡᠭᠡ᠃
8 ᠶᠣᠬᠣᠸᠠ᠂ ᠲᠠᠨ ᠤ ᠰᠢᠭᠦᠯᠲᠡ ᠶᠢᠨ ᠲᠤᠬᠠᠢ ᠽᠢᠶᠣᠨ ᠰᠣᠨᠣᠰᠣᠭᠠᠳ ᠪᠠᠶᠠᠷᠯᠠᠵᠤ ᠶᠦᠳᠠ ᠶᠢᠨ ᠥᠬᠢᠳ ᠪᠠᠶᠠᠰᠤᠭᠰᠠᠨ᠂
9 ᠦᠨᠡᠬᠡᠷ ᠶᠣᠬᠣᠸᠠ ᠲᠠ ᠪᠣᠯ ᠪᠦᠬᠦ ᠳᠡᠯᠡᠬᠡᠢ ᠶᠢᠨ ᠳᠡᠭᠡᠭᠦᠷᠬᠢ ᠬᠠᠮᠤᠭ ᠤᠨ ᠳᠡᠭᠡᠳᠦ ᠨᠢᠭᠡᠨ ᠲᠠ ᠪᠦᠬᠦ ᠪᠤᠷᠬᠠᠳ ᠠᠴᠠ ᠬᠠᠪᠢ ᠦᠭᠡᠢ ᠳᠡᠭᠡᠭᠦᠷ ᠡᠷᠭᠦᠮᠵᠢᠯᠡᠭᠳᠡᠭᠰᠡᠨ᠃

10 ᠶᠣᠬᠣᠸᠠ ᠳᠤ ᠦᠨᠡᠨᠴᠢ ᠬᠥᠮᠦᠰ ᠡ᠂ ᠪᠤᠵᠠᠷ ᠮᠠᠭᠤ ᠶᠢ ᠵᠢᠭ᠍ᠰᠢ ᠶᠣᠬᠣᠸᠠ ᠦᠨᠡᠨᠴᠢ ᠬᠥᠮᠦᠰ ᠦᠨ ᠢᠶᠠᠨ ᠠᠮᠢ ᠶᠢ ᠬᠠᠮᠠᠭᠠᠯᠠᠨ ᠪᠤᠷᠤᠭᠤᠲᠠᠳ ᠤᠨ ᠭᠠᠷ ᠠᠴᠠ ᠭᠡᠲᠦᠯᠭᠡᠨ᠎ᠡ᠃
11 ᠵᠥᠪᠲᠡᠨ ᠦ ᠳᠡᠭᠡᠷ᠎ᠡ ᠭᠡᠷᠡᠯ ᠴᠢᠭ᠍ᠴᠢ ᠰᠡᠳᠬᠢᠯᠲᠡᠨ ᠦ ᠳᠡᠭᠡᠷ᠎ᠡ ᠪᠠᠶᠠᠷ ᠲᠤᠶᠠᠭᠠᠷᠠᠵᠤ ᠪᠠᠢᠨ᠎ᠠ᠃
12 ᠵᠥᠪᠲᠦ ᠬᠥᠮᠦᠰ ᠡ᠂ ᠶᠣᠬᠣᠸᠠ ᠶᠢᠨ ᠳᠣᠲᠣᠷ᠎ᠠ ᠪᠠᠶᠠᠷᠯᠠᠵᠤ ᠲᠡᠭᠦᠨ ᠦ ᠠᠷᠢᠭᠤᠨ ᠨᠡᠷ᠎ᠡ ᠳᠦ ᠲᠠᠯᠠᠷᠬᠠᠭᠲᠤᠨ᠃