ᠳᠠᠭᠤᠯᠠᠯ ᠳᠠᠯᠠᠨ ᠳᠥᠷᠪᠡ
ᠭᠠᠮᠰᠢᠭ ᠤᠨ ᠳᠤᠮᠳᠠᠬᠢ ᠠᠷᠠᠳ ᠲᠦᠮᠡᠨ ᠦ ᠲᠥᠯᠥᠭᠡ ᠭᠤᠶᠤᠪᠠ
ᠠᠰᠠᠹ ᠤᠨ ᠰᠤᠷᠭᠠᠯᠲᠤ ᠳᠠᠭᠤᠯᠠᠯ᠃
1 ᠪᠤᠷᠬᠠᠨ᠂ ᠶᠠᠭᠠᠬᠢᠭᠠᠳ ᠲᠠ ᠪᠢᠳᠡᠨ ᠢ ᠡᠭᠦᠷᠢᠳᠡ ᠣᠭᠣᠷᠪᠠ︖ ᠶᠠᠭᠠᠬᠢᠭᠠᠳ ᠲᠠᠨ ᠤ ᠠᠭᠤᠷ ᠪᠡᠯᠴᠢᠭᠡᠷ ᠦᠨ ᠢᠶᠠᠨ ᠬᠣᠨᠢᠨ ᠰᠦᠷᠦᠭ ᠦᠨ ᠡᠰᠡᠷᠭᠦ ᠰᠢᠲᠠᠨ᠎ᠠ ᠪᠤᠢ︖
2 ᠡᠷᠲᠡ ᠦᠶ᠎ᠡ ᠡᠴᠡ ᠣᠯᠣᠭᠠᠳ ᠵᠣᠯᠢᠨ ᠠᠪᠴᠤ ᠥᠪᠡᠷ ᠦᠨ ᠢᠶᠠᠨ ᠥᠮᠴᠢ ᠪᠣᠯᠭᠠᠭᠰᠠᠨ ᠥᠪᠡᠷ ᠦᠨ ᠢᠶᠠᠨ ᠴᠢᠭᠤᠯᠭᠠᠨ ᠪᠣᠯᠬᠤ ᠪᠢᠳᠡᠨ ᠦ ᠣᠪᠣᠭ ᠢ ᠥᠪᠡᠷ ᠦᠨ ᠢᠶᠠᠨ ᠰᠠᠭᠤᠵᠤ ᠪᠠᠢᠭᠰᠠᠨ ᠡᠨᠡ ᠽᠢᠶᠣᠨ ᠠᠭᠤᠯᠠ ᠶᠢ ᠲᠠ ᠰᠠᠨᠠᠭᠠᠴᠢ᠃
3 ᠡᠭᠦᠷᠢᠳᠡ ᠶᠢᠨ ᠪᠠᠯᠭᠠᠰᠤ ᠤᠷᠤᠭᠤ ᠠᠯᠬᠤᠮ ᠢᠶᠠᠨ ᠴᠢᠭᠯᠡᠭᠦᠯᠦᠭᠡᠴᠢ ᠠᠷᠢᠭᠤᠨ ᠭᠠᠵᠠᠷ ᠤᠨ ᠳᠣᠲᠣᠷᠠᠬᠢ ᠪᠦᠬᠦᠨ ᠢ ᠳᠠᠢᠰᠤᠨ ᠪᠤᠰᠠᠨᠢᠭᠤᠯᠤᠭᠰᠠᠨ᠂
4 ᠲᠠᠨ ᠤ ᠠᠭᠤᠯᠵᠠᠯᠲᠠ ᠶᠢᠨ ᠴᠠᠴᠠᠷ ᠤᠨ ᠳᠤᠮᠳᠠ ᠲᠠᠨ ᠤ ᠥᠰᠲᠡᠨ ᠨᠦᠭᠦᠳ ᠤᠤᠬᠠᠢᠯᠠᠵᠤ ᠥᠪᠡᠷᠰᠡᠳ ᠦᠨ ᠢᠶᠠᠨ ᠲᠤᠭ ᠢ ᠲᠡᠮᠳᠡᠭ ᠪᠣᠯᠭᠠᠨ ᠪᠣᠰᠬᠠᠪᠠ᠂
5 ᠲᠡᠳᠡ ᠣᠢ ᠮᠣᠳᠣ ᠲᠠᠢ ᠭᠠᠵᠠᠷ ᠲᠤ ᠰᠦᠬᠡ ᠪᠡᠨ ᠳᠠᠯᠠᠢᠬᠤ ᠬᠥᠮᠦᠨ ᠮᠡᠲᠦ
6 ᠰᠦᠬᠡ᠂ ᠠᠯᠤᠬ᠎ᠠ ᠪᠠᠷ ᠰᠡᠢᠯᠪᠦᠷᠢ ᠪᠦᠭᠦᠳᠡ ᠶᠢ ᠨᠢ ᠰᠦᠢᠷᠡᠭᠦᠯᠦᠭᠰᠡᠨ᠂
7 ᠲᠠᠨ ᠤ ᠠᠷᠢᠭᠤᠨ ᠭᠠᠵᠠᠷ ᠲᠤ ᠭᠠᠯ ᠲᠠᠯᠪᠢᠵᠤ ᠲᠠᠨ ᠤ ᠨᠡᠷ᠎ᠡ ᠶᠢᠨ ᠣᠷᠣᠰᠢᠬᠤ ᠭᠠᠵᠠᠷ ᠢ ᠪᠤᠵᠠᠷᠯᠠᠭᠰᠠᠨ᠂
8 《ᠲᠡᠳᠡᠭᠡᠷ ᠢ ᠪᠦᠷᠢᠨ ᠤᠰᠠᠳᠬᠠᠵᠠᠭᠠᠶᠠ》 ᠭᠡᠵᠦ ᠰᠢᠢᠳᠦᠭᠡᠳ ᠨᠤᠲᠤᠭ ᠳᠠᠶᠠᠭᠠᠷ ᠬᠢ ᠪᠤᠷᠬᠠᠨ ᠢ ᠳᠡᠭᠡᠳᠦᠯᠡᠬᠦ ᠭᠠᠵᠠᠷ ᠢ ᠪᠦᠭᠦᠳᠡ ᠶᠢ ᠰᠢᠲᠠᠭᠠᠭᠰᠠᠨ᠃
9 ᠪᠢᠳᠡᠨ ᠳᠦ ᠲᠡᠮᠳᠡᠭ ᠤᠳ ᠬᠠᠷᠠᠭᠳᠠᠬᠤ ᠦᠭᠡᠢ ᠪᠠᠢᠨ᠎ᠠ ᠡᠰᠢ ᠦᠵᠡᠭᠦᠯᠦᠭᠴᠢ ᠴᠤ ᠠᠯᠠᠭ᠎ᠠ ᠬᠡᠳᠦᠢ ᠤᠳᠠᠬᠤ ᠶᠢ ᠮᠡᠳᠡᠬᠦ ᠬᠥᠮᠦᠨ ᠴᠤ ᠪᠢᠳᠡᠨ ᠦ ᠳᠤᠮᠳᠠ ᠦᠭᠡᠢ᠂
10 ᠪᠤᠷᠬᠠᠨ᠂ ᠳᠠᠢᠰᠤᠨ ᠬᠡᠳᠦᠢ ᠪᠣᠯᠲᠠᠯ᠎ᠠ ᠳᠣᠷᠣᠮᠵᠢᠯᠠᠬᠤ ᠶᠣᠰᠣᠲᠠᠢ ᠶᠤᠮ ᠪᠤᠢ︖ ᠥᠰᠲᠡᠨ ᠲᠠᠨ ᠤ ᠨᠡᠷ᠎ᠡ ᠶᠢ ᠮᠥᠩᠬᠡᠳᠡ ᠭᠤᠲᠤᠭᠠᠬᠤ ᠶᠣᠰᠣᠲᠠᠢ ᠭᠡᠵᠢ ᠤᠤ︖
11 ᠶᠠᠭᠤᠨ ᠳᠤ ᠲᠠ ᠮᠤᠲᠤᠷ ᠢᠶᠠᠨ᠂ ᠪᠠᠷᠠᠭᠤᠨ ᠮᠤᠲᠤᠷ ᠢᠶᠠᠨ ᠲᠠᠲᠠᠨ᠎ᠠ ᠪᠤᠢ︖ ᠡᠪᠦᠷ ᠡᠴᠡ ᠪᠡᠨ ᠭᠠᠷᠭᠠᠵᠤ᠂ ᠲᠡᠳᠡᠨ ᠢ ᠤᠰᠠᠳᠬᠠᠭᠠᠴᠢ︕
12 ᠡᠷᠲᠡᠨ ᠡᠴᠡ ᠪᠤᠷᠬᠠᠨ᠂ ᠮᠢᠨᠦ ᠬᠠᠭᠠᠨ ᠶᠢᠷᠲᠢᠨᠴᠦ ᠳᠦ ᠠᠪᠤᠷᠠᠯ ᠢ ᠪᠡᠶᠡᠯᠡᠭᠦᠯᠵᠦ ᠪᠠᠢᠭᠰᠠᠨ᠃
13 ᠲᠠ ᠥᠪᠡᠷ ᠦᠨ ᠢᠶᠠᠨ ᠬᠦᠴᠦ ᠪᠡᠷ ᠳᠠᠯᠠᠢ ᠶᠢ ᠬᠤᠪᠢᠶᠠᠵᠤ ᠤᠰᠤᠨ ᠳᠡᠭᠡᠷᠡᠬᠢ ᠠᠪᠤᠷᠭᠤ ᠠᠮᠢᠲᠠᠳ ᠤᠨ ᠲᠣᠯᠣᠭᠠᠢ ᠶᠢ ᠪᠢᠴᠠᠯᠤᠭᠰᠠᠨ ᠪᠢᠯᠡ᠃
14 ᠲᠠ ᠲᠡᠷᠡ ᠳᠠᠯᠠᠢ ᠶᠢᠨ ᠮᠠᠩ᠋ᠭᠤᠰ ᠤᠨ ᠲᠣᠯᠣᠭᠠᠢ ᠶᠢ ᠨᠢᠴᠠᠯᠵᠤ ᠲᠡᠭᠦᠨ ᠢ ᠴᠥᠯ ᠦᠨ ᠠᠮᠢᠲᠠᠳ ᠲᠤ ᠬᠦᠨᠡᠰᠦ ᠪᠣᠯᠭᠠᠨ ᠥᠭᠭᠥᠭᠰᠡᠨ᠃
15 ᠲᠠ ᠪᠤᠯᠠᠭ ᠱᠠᠩᠳᠠ ᠶᠢ ᠣᠷᠭᠢᠯᠤᠭᠤᠯᠵᠤ ᠪᠠᠢᠩ᠋ᠭᠤ ᠤᠷᠤᠰᠳᠠᠭ ᠭᠣᠣᠯ ᠢ ᠰᠢᠷᠭᠢᠭᠡᠭᠰᠡᠨ᠃
16 ᠡᠳᠦᠷ ᠴᠤ ᠲᠠᠨ ᠤ ᠬᠢ᠂ ᠰᠥᠨᠢ ᠴᠤ ᠲᠠᠨ ᠤ ᠬᠢ᠂ ᠲᠠ ᠭᠡᠷᠡᠯ ᠪᠠ ᠨᠠᠷᠠ ᠶᠢ ᠡᠭᠦᠰᠭᠡᠭᠰᠡᠨ᠃
17 ᠲᠠ ᠭᠠᠵᠠᠷ ᠤᠨ ᠪᠦᠬᠦ ᠬᠢᠯᠢ ᠶᠢ ᠲᠣᠭᠲᠠᠭᠠᠭᠰᠠᠨ ᠲᠠ ᠵᠤᠨ ᠬᠢᠭᠡᠳ ᠡᠪᠦᠯ ᠢ ᠪᠤᠢ ᠪᠣᠯᠭᠠᠭᠰᠠᠨ᠃
18 ᠶᠣᠬᠣᠸᠠ᠂ ᠳᠠᠢᠰᠤᠨ ᠬᠡᠷᠬᠢᠨ ᠳᠣᠭᠣᠭᠢᠯᠠᠳᠠᠭ ᠢ ᠪᠦᠳᠦᠭᠦᠯᠢᠭ ᠲᠡᠷᠡ ᠦᠨᠳᠦᠰᠦᠲᠡᠨ ᠲᠠᠨ ᠤ ᠠᠯᠳᠠᠷ ᠢ ᠬᠡᠷᠬᠢᠨ ᠳᠣᠷᠣᠮᠵᠢᠯᠠᠳᠠᠭ ᠢ ᠰᠠᠨᠠᠭᠠᠴᠢ᠃
19 ᠲᠠᠭᠲᠠᠭᠠᠨ ᠤ ᠪᠠᠨ ᠠᠮᠢ ᠶᠢ ᠵᠡᠷᠯᠢᠭ ᠠᠮᠢᠲᠠᠳ ᠲᠤ ᠪᠦᠦ ᠲᠤᠰᠢᠶᠠᠭᠠᠴᠢ ᠳᠠᠷᠤᠭᠳᠠᠭᠰᠠᠨ ᠠᠷᠠᠳ ᠤᠨ ᠢᠶᠠᠨ ᠠᠮᠢ ᠶᠢ ᠬᠡᠵᠢᠶ᠎ᠡ ᠴᠤ ᠪᠦᠦ ᠮᠠᠷᠲᠠᠭᠠᠴᠢ᠃
20 ᠭᠡᠷ᠎ᠡ ᠪᠡᠨ ᠡᠷᠭᠢᠨ ᠰᠠᠨᠠᠭᠠᠴᠢ ᠨᠤᠲᠤᠭ ᠤᠨ ᠬᠠᠷᠠᠩ᠋ᠭᠤᠢ ᠭᠠᠵᠠᠷ ᠲᠤ ᠬᠠᠷᠭᠢᠰ ᠤᠨ ᠣᠷᠣᠮᠵᠢ ᠳᠦᠭᠦᠷᠡᠩ ᠪᠠᠢᠨ᠎ᠠ᠂
21 ᠵᠣᠪᠠᠭᠴᠢᠳ ᠪᠦᠦ ᠢᠴᠢᠭᠦᠷᠢᠲᠡᠢ ᠪᠠᠷ ᠪᠤᠴᠠᠭ ᠵᠤᠲᠠᠷᠠᠭᠤ ᠶᠠᠳᠠᠭᠤᠴᠤᠳ ᠲᠠᠨ ᠤ ᠨᠡᠷ᠎ᠡ ᠶᠢ ᠮᠠᠭᠲᠠᠭ᠃
22 ᠪᠤᠷᠬᠠᠨ ᠪᠣᠰᠴᠤ᠂ ᠥᠪᠡᠷ ᠦᠨ ᠢᠶᠠᠨ ᠵᠠᠷᠭᠤ ᠶᠢ ᠥᠮᠥᠭᠯᠡᠭᠡᠴᠢ ᠪᠣᠯᠬᠢᠴᠤᠳ ᠡᠳᠦᠷᠵᠢᠨ ᠲᠠᠨ ᠢ ᠬᠡᠷᠬᠢᠨ ᠳᠣᠷᠣᠮᠵᠢᠯᠠᠳᠠᠭ ᠢ ᠰᠠᠨᠠᠭᠠᠴᠢ
23 ᠥᠰᠲᠡᠨ ᠨᠦᠭᠦᠳ ᠦᠨ ᠦᠢᠮᠡᠭᠡᠨ ᠢ ᠪᠦᠦ ᠮᠠᠷᠲᠠᠭᠠᠴᠢ ᠲᠠᠨ ᠤ ᠡᠰᠡᠷᠭᠦ ᠪᠣᠰᠣᠭᠴᠢᠳ ᠤᠨ ᠱᠤᠤᠭᠢᠶᠠᠨ ᠨᠡᠮᠡᠭᠳᠡᠭᠰᠡᠭᠡᠷ ᠪᠠᠢᠨ᠎ᠠ᠃